ᠬᠤᠪᠢ ᠬᠥᠮᠥᠨ ᠤ ᠮᠡᠳᠡᠭᠡ ᠵᠠᠩᠬᠢ ᠶᠢᠨ ᠨᠢᠭᠤᠴᠠ ᠶᠢ ᠰᠠᠶᠢᠳᠤᠷ ᠬᠠᠮᠠᠭᠠᠯᠠᠶ᠎ᠠ
ᠨᠡᠶᠢᠲᠡᠯᠡᠭᠰᠡᠨ ᠴᠠᠭ᠄
2018-05-15
     ᠰᠥᠯᠵᠢᠶᠠᠨ ᠲᠡᠭᠡᠷᠡᠬᠢ ᠬᠤᠪᠢ ᠬᠥᠮᠥᠨ ᠤ ᠮᠡᠳᠡᠭᠡ ᠵᠠᠩᠭᠢ ᠶᠢᠨ ᠨᠢᠭᠤᠴᠠ ᠶᠢ ᠬᠠᠮᠠᠭᠠᠯᠠᠬᠤ ᠠᠰᠠᠭᠤᠳᠠᠯ ᠨᠢ ᠰᠥᠯᠵᠢᠶᠠᠨ ᠤ ᠢᠷᠭᠡᠳ ᠤᠨ ᠬᠠᠮᠤᠬ ᠤᠨ ᠠᠩᠬᠠᠷᠴᠤ ᠪᠥᠬᠦᠢ ᠠᠰᠠᠭᠤᠳᠠᠯ ᠤᠨ ᠨᠢᠭᠡ ᠪᠤᠯᠪᠠ᠃ ᠬᠤᠪᠢ ᠬᠥᠮᠥᠨ ᠤ ᠮᠡᠳᠡᠭᠡ ᠵᠠᠩᠭᠢ ᠠᠮᠤᠷ ᠲᠥᠪᠰᠢᠨ ᠡᠷᠭᠡ ᠴᠢᠯᠥᠬᠡ ᠲᠠᠢ ᠪᠠᠶᠢᠬᠤ ᠪᠤᠯ ᠡᠷᠭᠡᠳᠤ ᠠᠷᠠᠳ ᠪᠤᠯᠭᠠᠨ ᠤ ᠡᠳᠤᠷ ᠲᠤᠳᠤᠮ ᠤᠨ ᠠᠮᠢᠳᠤᠷᠠᠯ ᠤᠨ ᠨᠢᠬᠡ ᠴᠢᠬᠤᠯᠠ‌ᠨᠥ᠋ᠬᠦᠴᠠᠯ ᠪᠤᠯᠤᠨ᠎ᠠ᠃ ᠬᠤᠪᠢ ᠬᠥᠮᠥᠨ ᠤ ᠮᠡᠳᠡᠭᠡ ᠵᠠᠩᠭᠢ ᠵᠢᠨ‌ᠠᠮᠤᠷ ᠲᠥᠪᠰᠢᠨ‌ᠬᠠᠤᠯᠢ ᠴᠠᠭᠠᠵᠠ ᠵᠢᠨ‌‍ᠲ᠋ᠠᠯ᠎ᠠ ᠪᠠᠷ ︽ᠬᠤᠪᠢ ᠶᠢᠨ ᠨᠢᠭᠤᠴᠠ︾  ᠬᠡᠵᠥ ᠨᠡᠷᠡᠯᠡᠳᠡᠭ᠃ ᠬᠠᠤᠯᠢ ᠴᠠᠭᠠᠵᠠ ᠪᠠᠷ ᠡᠷᠭᠡᠳᠤ ᠠᠷᠠᠳ ᠤᠨ ᠬᠤᠪᠢ ᠵᠢᠨ‌ᠨᠢᠭᠤᠴᠠ ᠶᠢ ᠬᠠᠮᠠᠭᠠᠯᠠᠬᠤ ᠪᠤᠯ ᠨᠡᠶᠢᠭᠡᠮ ᠤᠨ ᠪᠤᠯᠪᠠᠰᠤᠨ ᠤ ᠲᠠᠪᠰᠢᠯᠳᠠ ᠪᠠ ᠤᠳᠤᠬᠢ ᠬᠠᠤᠯᠢ ᠲᠥᠷᠢᠮ ᠤᠨ ᠬᠥᠭᠵᠢᠯᠳᠠ ᠵᠢᠨ‌ᠥᠷ᠎ᠠ ᠳ᠋ᠥᠡᠭ ᠪᠤᠯᠬᠤ ᠶᠤᠮ᠂ ᠪᠠᠰᠠ ᠴᠤ ᠨᠢᠬᠡᠨ ᠤᠯᠤᠰ ᠤᠷᠤᠨ ᠤ ᠬᠤᠪᠢ ᠬᠥᠮᠥᠨ ᠤ ᠤᠷᠤᠨ ᠪᠠᠶᠢᠷᠢ ᠪᠠ ᠬᠥᠨᠳᠥᠳᠭᠡᠯ ᠢ ᠬᠡᠮᠵᠢᠬᠦ ᠴᠢᠬᠤᠯᠠ ᠬᠡᠮᠵᠢᠬᠦᠷ ᠪᠤᠯᠬᠤ ᠶᠤᠮ᠃              ᠤᠳᠤᠬᠠᠨ ᠳᠤ᠂ ᠮᠠᠨ ᠤ ᠤᠯᠤᠰ ‍ᠤᠨ‌ᠡᠯᠧᠺᠲᠷᠥᠨ ᠬᠤᠳᠠᠯᠳᠤᠭᠠᠨ ᠤ ᠶᠠᠪᠤᠳᠠᠯ᠂ ᠡᠯᠧᠺᠲᠷᠥᠨ‌‍ᠪᠠᠩᠭᠢ᠂ ᠪᠡᠶ᠎ᠠ ᠵᠢᠨ‌ᠥᠨᠡᠮᠯᠡᠯ ᠵᠡᠷᠭᠡ ᠲᠡᠯ᠎ᠠ ᠪᠠᠷ ᠤᠶᠤᠨᠴᠢ ᠭᠡᠷᠡᠭᠯᠡᠭᠡ ᠮᠥᠨ ᠯᠠ ᠠᠩᠬᠠᠨ ᠤ ᠱᠠᠳᠤᠨ ᠳᠤ ᠪᠠᠶᠢᠵᠥ᠂ ᠰᠥᠯᠵᠢᠶᠠᠨ ᠲᠡᠭᠡᠷᠡᠬᠢ ᠬᠤᠪᠢ ᠬᠥᠮᠥᠨ ᠤ ᠮᠡᠳᠡᠭᠡ ᠵᠠᠩᠭᠢ ᠵᠢᠨ‌ᠨᠢᠭᠤᠴᠠ ᠶᠢ ᠪᠠᠳᠤᠯᠠᠬᠤ ᠬᠠᠤᠯᠢ ᠴᠠᠭᠠᠵᠠ ᠶᠢᠨ ᠪᠠᠶᠢᠭᠤᠯᠤᠮᠵᠢ ᠬᠠᠷᠠᠬᠠᠨ ᠲᠡᠬᠦᠯᠳᠡᠷᠵᠢᠭᠡ ᠥᠬᠡᠢ᠂ ᠡᠷᠭᠡᠳᠤ ᠠᠷᠠᠳ ᠤᠨ ᠬᠤᠪᠢ ᠬᠥᠮᠥᠨ ᠤ ᠮᠡᠳᠡᠭᠡ ᠵᠠᠩᠭᠢ ᠶᠢᠨ ᠨᠢᠭᠤᠴᠠ ᠶᠢᠨ ᠡᠷᠭᠡ ᠳᠤ ᠬᠠᠯᠳᠠᠬᠰᠠᠨ ᠵᠢᠭᠤᠷᠠᠯᠳᠤᠭᠠᠨ ᠮᠥᠨ ᠯᠠ ᠪᠠᠶᠢᠡᠭᠭᠤ ᠡᠬᠦᠰᠴᠤ ᠪᠤᠢ᠃ ᠬᠡᠪᠡᠴᠦ ᠡᠳᠡᠭᠡᠷ ᠨᠢ ᠬᠤᠪᠢ ᠬᠦᠮᠦᠨ ᠤ ᠮᠡᠳᠡᠭᠡ ᠵᠠᠩᠭᠢ ᠶᠢᠨ ᠠᠮᠤᠷ ᠲᠦᠪᠰᠢᠨ ᠳᠤ ᠨᠥᠯᠥᠬᠡ ᠪᠤᠯᠳᠠᠬ ᠢ ᠬᠥᠮᠥᠰ ᠶᠠᠷᠤᠨᠢ ᠠᠩᠬᠠᠷᠤᠯ ᠢᠶᠠᠨ ᠬᠠᠨᠳᠤᠭᠤᠯᠤᠬᠰᠠᠨ ᠥᠬᠡᠢ ᠪᠠᠶᠢᠵᠥ ᠮᠡᠳᠡᠨ᠎ᠠ᠃ ᠠᠮᠧᠷᠢᠺᠡ ᠶᠢᠨ ᠶᠢᠦ ᠪᠦ᠋᠂ ᠶᠠ ᠬᠤ᠋ ᠵᠡᠷᠭᠡ ᠨᠡᠷᠡᠳᠦ ᠺᠤᠮᠫᠠᠨᠢ ᠵᠢᠨ‌‍ᠬᠡᠷᠡᠭᠯᠡᠭᠴᠢᠳ ‍ᠤᠨ‌‍ᠲ᠋ᠤᠭ᠎ᠠ ᠪᠠᠷᠢᠮᠳᠠ‌‍ᠺᠤᠮᠫᠢᠦ᠋ᠲ᠋ᠧᠷ ‍ᠤᠨ‌ᠬᠠᠺᠧᠷ ᠲᠤ ᠬᠡᠨᠡᠳᠡᠭᠦᠯᠦᠨ‌‍ᠲ᠋ᠠᠭᠠᠷᠢᠭᠳᠠᠭᠰᠠᠨ‌‍ᠬᠡᠷᠡᠭ︔ ᠵᠢᠩ ᠳ᠋ᠦᠡᠭ ᠤᠨ ᠲᠤᠳᠤᠭᠠᠳᠦ ᠶᠢᠨ ᠠᠵᠢᠯᠳᠠᠨ ᠶᠠᠯᠠᠳᠦ ᠪᠦᠯᠦᠭᠯᠡᠯ ᠲᠠᠢ ᠬᠠᠮᠳᠤᠷᠠᠨ‌‍ᠬᠡᠷᠡᠭᠯᠡᠭᠴᠢᠳ ᠤᠨ ᠮᠡᠳᠡᠭᠡ ᠵᠠᠩᠭᠢ ᠶᠢ ᠬᠤᠯᠠᠭᠠᠢᠢᠯᠠᠭᠰᠠᠨ ᠤᠴᠢᠷ ᠁  2017  ᠤᠨ ᠤ  3 ᠰᠠᠷ᠎ᠠ ᠳᠤ ᠲᠤᠳᠤᠭᠠᠳᠦ ᠶᠢ ᠬᠠᠮᠠᠭᠠᠯᠠᠬᠤ ᠶᠠᠮᠤᠨ ᠠᠴᠠ ᠺᠤᠮᠫᠢᠦ᠋ᠲ᠋ᠧᠷ ᠤᠨ ᠬᠠᠺᠧᠷ ᠤᠨ ᠲᠠᠭᠠᠷᠢᠯᠳᠠ ᠡᠪᠳᠡᠭᠳᠡᠯ ᠢ ᠴᠡᠴᠡᠭᠯᠡᠨ ᠵᠠᠰᠠᠵᠤ ᠴᠤᠬᠢᠯᠳᠠ ᠦᠭᠬᠦ ᠲᠤᠰᠬᠠᠢ ᠠᠵᠢᠯᠯᠠᠭ᠎ᠠ ᠶᠢ ᠦᠷᠨᠢᠭᠦᠯᠵᠤ᠂ ᠲᠦᠷᠪᠡᠭᠡᠨ‌‍ᠰᠠᠷ᠎ᠠ ᠶᠢᠨ ᠬᠤᠭᠤᠴᠠᠭᠠᠨ ᠳᠤ ᠬᠠᠮᠢᠶ᠎ᠠ ᠪᠦᠬᠦᠢ ᠬᠡᠷᠡᠭ ᠢ 1800 ᠭᠠᠷᠤᠢ ᠲᠠᠩᠨᠠᠨ ᠯᠠᠪᠠᠷᠠᠬᠦᠯᠵᠥ᠂ ᠬᠠᠤᠯᠢ ᠪᠤᠰᠤ ᠪᠠᠷ ᠡᠷᠭᠡᠳᠦ ᠠᠷᠠᠳ ᠤᠨ ᠬᠤᠪᠢ ᠬᠦᠮᠦᠨ ᠤ ᠡᠯ᠎ᠠ ᠲᠦᠷᠦᠯ ᠤᠨ ᠮᠡᠳᠡᠭᠡ ᠵᠠᠩᠭᠢ ᠶᠢ ᠲᠠᠷᠤᠮᠠᠯᠯᠠᠨ ᠬᠤᠳᠠᠯᠳᠤᠭᠰᠠᠨ‌‍ᠭᠡᠷᠡᠭ ᠢ ᠳ᠋ᠦᠡᠭᠰᠢᠭᠤᠷ ᠭᠠᠷᠤᠢ ᠪᠠᠶᠢᠴᠠᠭᠠᠨ ᠢᠯᠡᠷᠡᠬᠦᠯᠪᠠ᠃ ᠡᠳᠡᠭᠡᠷ ᠬᠡᠷᠡᠭ ᠢ ᠢᠯᠡᠴᠢᠯᠡᠭᠰᠡᠨ ᠡᠴᠠ‌‍ᠪᠤᠯᠵᠤ ᠬᠦᠮᠦᠰ ︽ᠮᠢᠨᠤ ᠮᠡᠳᠡᠭᠡ ᠵᠠᠩᠭᠢ ᠶᠢ ᠲᠠ ᠶᠠᠭᠠᠬᠢᠭᠠᠳ ᠮᠡᠳᠡᠭᠰᠡᠨ ᠪᠤᠢ︖︾  ᠬᠡᠬᠦ ᠠᠰᠠᠭᠤᠳᠠᠯ ᠳᠤ ᠨᠡᠶᠢᠳᠠᠮ‌‍ᠰᠠᠨᠠᠭᠠᠰᠢᠷᠠᠵᠥ ᠪᠠᠶᠢᠯ᠎ᠠ᠃ ᠤᠨᠴᠠᠭᠠᠢᠢᠯᠠᠨ᠂ ᠰᠥᠯᠵᠢᠶᠠᠨ ᠤ ᠮᠡᠷᠭᠡᠵᠢᠯ ᠤᠨ ᠰᠢᠨᠠᠴᠢᠯᠠᠯᠳᠠ ᠪᠠ ᠠᠵᠤ ᠠᠬᠤᠢ ᠵᠢᠨ‌‍ᠲ᠋ᠡᠯᠡᠬᠡᠶᠢᠴᠢᠯᠠᠯᠳᠠ ᠶᠢ ᠲᠠᠭᠠᠯᠳᠤᠨ᠂ ᠨᠠᠩ ᠥᠨᠳᠤᠷ᠂ ᠨᠠᠩ ᠬᠥᠨ ᠲᠠᠪᠬᠤᠷᠭ᠎ᠠ ᠶᠢᠨ ᠡᠬᠦᠳᠡᠨ ᠠᠴᠠ᠂ ᠰᠥᠯᠵᠢᠶᠠᠨ ᠤ ᠬᠤᠪᠢ ᠬᠥᠮᠥᠨ ᠤ ᠮᠡᠳᠡᠭᠡ ᠵᠠᠩᠭᠢ ᠶᠢᠨ ᠨᠢᠭᠤᠴᠠ ᠶᠢ ᠬᠡᠷᠬᠢᠨ ᠬᠠᠮᠠᠭᠠᠯᠠᠬᠤ ᠲᠠᠯ᠎ᠠ ᠪᠠᠷ ᠨᠠᠩ ᠴᠢᠬᠤᠯᠠᠴᠢᠯᠠᠪᠠᠯ ᠵᠤᠬᠢᠨ᠎ᠠ᠃              ᠰᠥᠯᠵᠢᠶᠠᠨ ᠤ ᠴᠠᠬ ᠡᠷᠡᠨ᠂ ᠮᠡᠷᠭᠡᠵᠢᠯ ᠤᠨ ᠬᠥᠭᠵᠢᠯᠳᠠ ᠬᠥᠮᠥᠰ ᠲᠤ ᠥᠨᠡᠨᠬᠦ ᠲᠤᠩ ᠤᠯᠠᠨ ᠲᠥᠬᠦᠮ ᠠᠪᠴᠢᠷᠠᠵᠥ ᠥᠭᠬᠦᠭᠰᠡᠨ ᠪᠤᠯᠪᠠᠴᠤ ᠴᠥᠬᠡᠨ ᠪᠤᠰᠤ ᠬᠥᠮᠥᠰ ᠤᠨ ᠬᠤᠪᠢ ᠬᠥᠮᠥᠨ ᠤ ᠮᠡᠳᠡᠭᠡ ᠵᠠᠩᠭᠢ ᠶᠢᠨ ᠨᠢᠭᠤᠴᠠ ᠯᠠᠪᠠᠷᠠᠬᠦ ᠠᠰᠠᠭᠤᠳᠠᠯ ᠤᠳ ᠥᠷᠬᠦᠯᠵᠢ ᠪᠤᠢ ᠪᠤᠯᠵᠥ᠂ ᠲᠡᠷᠡᠴᠢᠯᠠᠨ‌‍ᠰᠥ᠋ᠯᠵᠢᠶᠠᠨ ᠤ ᠲᠠᠮᠵᠢᠭᠤᠯᠭ᠎ᠠ ᠶᠢᠨ ᠤᠷᠴᠢᠨ ᠲᠤᠤᠷ᠎ᠠ᠂ ᠬᠤᠪᠢ ᠬᠥᠮᠥᠨ ᠤ ᠮᠡᠳᠡᠭᠡ ᠵᠠᠩᠭᠢ ᠶᠢᠨ ᠨᠢᠭᠤᠴᠠ ᠶᠢᠨ ᠯᠠᠪᠠᠷᠠᠬᠦ ᠠᠰᠠᠭᠤᠳᠠᠯ ᠨᠠᠩ ᠬᠥᠨᠳᠤ ᠨᠤᠴᠢᠳᠠᠢ ᠪᠤᠯᠵᠥ᠂ ᠡᠳᠤᠷ ᠢᠷᠡᠬᠦᠶ᠎ᠠ ᠤᠯᠠᠨ ᠲᠦᠢᠯᠰᠢᠷᠡᠬᠤ ᠬᠠᠨᠳᠤᠰᠢ ᠲᠠᠢ ᠪᠣᠯᠤᠯ᠎ᠠ᠃ ᠡᠨᠡᠬᠦ ᠪᠠᠶᠢᠳᠠᠯ ᠳᠤ ᠴᠢᠭᠯᠡᠬᠦᠯᠥᠨ ᠨᠡᠶᠢᠭᠡᠮ ᠲᠠᠶᠠᠭᠠᠷ ᠢᠶᠠᠷ ᠵᠶ᠋ᠠᠨ‌ᠬᠠᠤᠯᠢᠵᠢᠯ ᠤᠨ ᠪᠠᠶᠢᠭᠤᠯᠤᠯᠳᠠ ᠪᠠ ᠶᠤᠰᠤ ᠰᠤᠷᠳᠠᠬᠤᠨ ᠤ ᠪᠠᠶᠢᠭᠤᠯᠤᠯᠳᠠ ᠶᠢ ᠴᠢᠩᠭᠠᠳᠬᠠᠬᠤ ᠶᠢᠨ ᠬᠠᠮᠳᠤ ᠮᠡᠷᠭᠡᠵᠢᠯ ᠢ ᠨᠡᠭᠡᠭᠡᠨ‌‍ᠬᠥ᠋ᠭᠵᠢᠬᠦᠯᠬᠦ ᠵᠠᠪᠤᠴᠠ ᠳᠤ ᠨᠢᠭᠤᠴᠠ ᠶᠢ ᠬᠠᠮᠠᠭᠠᠯᠠᠬᠤ ᠠᠰᠠᠭᠤᠳᠠᠯ ᠢ ᠰᠠᠶᠢᠳᠤᠷ ᠠᠩᠬᠠᠷᠪᠠᠯ᠂ ᠬᠤᠪᠢ ᠬᠥᠮᠥᠨ ᠤ ᠮᠡᠳᠡᠭᠡ ᠵᠠᠩᠭᠢ ᠶᠢᠨ ᠨᠢᠭᠤᠴᠠ ᠶᠢ ᠬᠠᠮᠠᠭᠠᠯᠠᠬᠤ ᠠᠰᠠᠭᠤᠳᠠᠯ ᠠᠭᠠᠵᠢᠮ ᠢᠶᠠᠷ ᠪᠥᠳᠥᠮᠵᠢᠳᠠᠢ ᠰᠢᠢᠳᠪᠤᠷᠢᠯᠡᠭᠳᠡᠬᠦ ᠨᠢ ᠯᠠᠪᠳᠠᠢ︕              ᠰᠠᠨᠠᠭᠤᠯᠤᠮᠵᠢ᠄              ᠬᠤᠪᠢ ᠬᠦᠮᠦᠨ ᠤ ᠮᠡᠳᠡᠭᠡ ᠵᠠᠩᠬᠢ ᠶᠢ ᠵᠠᠳᠠᠷᠠᠭᠤᠯᠤᠭᠰᠠᠨ ᠠᠴᠠ ᠪᠤᠯᠵᠤ ᠡᠳ᠋ ᠬᠦᠷᠦᠩᠭᠡ ᠶᠢᠨ ᠬᠤᠬᠢᠷᠠᠯ ᠳᠤ ᠤᠴᠠᠷᠠᠪᠠᠯ ᠶᠠᠭᠠᠬᠢᠵᠤ ᠦᠪᠡᠷ ᠤᠨ ᠢᠶᠠᠨ ᠬᠠᠤᠯᠢ ᠶᠤᠰᠤᠨ ᠤ ᠡᠷᠭᠡ ᠠᠰᠢᠭ ᠢᠶᠠᠨ ᠬᠠᠮᠠᠭᠠᠯᠠᠬᠤ ᠪᠤᠢ︖              ᠲᠤᠰ ᠲᠦᠷᠦᠯ ᠤᠨ ᠭᠡᠷᠡᠭ ᠤᠨ ᠬᠤᠯᠪᠤᠭᠳᠠᠭᠰᠠᠨ ᠮᠦᠡᠭᠭᠦ ᠶᠢᠨ ᠲᠤᠭ᠎ᠠ ᠬᠡᠮᠵᠢᠶ᠎ᠠ ᠨᠢ ᠪᠠᠭ᠎ᠠ᠂  ᠭᠡᠷᠡᠭ ᠤᠯᠠᠨ‌ᠡᠬᠦᠰᠴᠤ᠂ ᠬᠦᠮᠦᠰ ᠬᠤᠬᠢᠷᠠᠯ ᠢᠶᠠᠨ ᠡᠭᠡᠭᠦᠯᠦᠨ ᠠᠪᠴᠢᠷᠠᠬᠤ ᠳᠤ ᠬᠦᠴᠢᠷ ᠲᠠᠢ ᠪᠠᠶᠢᠳᠠᠭ᠃ ᠬᠡᠪᠡᠴᠦ ᠬᠠᠮᠢᠶᠠᠷᠬᠤ ᠦᠬᠡᠢ ᠰᠠᠭᠤᠵᠤ ᠪᠤᠯᠬᠤ ᠦᠭᠡᠢ᠂ ᠬᠤᠷᠳᠤᠬᠠᠨ ᠲᠤᠳᠤᠭᠠᠳᠦ ᠶᠢ ᠬᠠᠮᠠᠭᠠᠯᠠᠬᠤ ᠰᠠᠯᠠᠭ᠎ᠠ ᠮᠦᠴᠢᠷ ᠲᠤ ᠬᠡᠷᠡᠭ ᠢᠶᠠᠨ ᠮᠡᠳᠡᠭᠦᠯᠬᠦ ᠬᠡᠷᠡᠭᠳᠠᠢ᠃ ᠬᠡᠷᠪᠡ ᠲᠤᠭᠳᠠᠭᠰᠠᠨ ᠬᠤᠭᠤᠴᠠᠭᠠᠨ ᠳᠤ᠂ ᠬᠡᠷᠡᠭ ᠤᠨ ᠮᠡᠳᠡᠭᠦᠯᠦᠯᠳᠡ ᠪᠠ ᠵᠠᠭᠠᠯᠳᠤᠯᠭ᠎ᠠ ᠨᠢ ᠶᠠᠠᠮᠷ ᠨᠢᠭᠡᠨ ᠠᠵᠤ ᠠᠬᠤᠢᠢᠯᠠᠯ ᠪᠤᠶᠤ ᠶᠠᠮᠠᠷ ᠨᠢᠭᠡᠨ ᠬᠦᠷᠢᠶ᠎ᠠ ᠴᠠᠷᠠᠭ᠎ᠠ ᠳᠤ ᠲᠦᠪᠯᠡᠷᠡᠪᠡᠯ᠂ ᠪᠦᠷᠢᠳᠭᠡᠭᠦᠯᠭᠦ ᠶᠢᠨ ᠪᠠᠷᠢᠮᠵᠢᠶᠡᠨ ᠳᠤ ᠬᠦᠷᠪᠡᠯ‌ᠬᠠᠮᠢᠶ᠎ᠠ ᠪᠦᠬᠦᠢ ᠰᠠᠯᠠᠭ᠎ᠠ‌ᠮᠦ᠋ᠴᠢᠷ ᠬᠠᠤᠯᠢ ᠴᠠᠭᠠᠵᠠ ᠶᠢᠨ ᠲᠤᠭᠳᠠᠭᠠᠯ ᠢᠶᠠᠷ᠂ ᠠᠷᠭ᠎ᠠ‌‍ᠬᠡᠮᠵᠢᠶ᠎ᠠ ᠠᠪᠴᠤ ᠤᠯᠠᠨ ᠨᠡᠶᠢᠳᠡ ᠶᠢᠨ ᠡᠷᠭᠡ ᠠᠰᠢᠭ ᠢ ᠬᠠᠮᠠᠭᠠᠯᠠᠵᠤ ᠲᠡᠶᠢᠯᠦᠨ᠋᠃ ᠬᠤᠪᠢ ᠬᠦᠮᠦᠨ ᠪᠠᠰᠠ ᠦᠪᠡᠷ ᠤᠨ ᠢᠶᠠᠨ ᠮᠡᠳᠡᠭᠡ ᠵᠠᠩᠭᠢ ᠶᠢᠨ ᠠᠮᠤᠷ ᠲᠦᠪᠰᠢᠨ ᠢᠶᠠᠨ ᠬᠠᠮᠠᠭᠠᠯᠠᠬᠤ ᠦᠵᠡᠯ ᠤᠬᠠᠮᠰᠠᠷ ᠢᠶᠠᠨ ᠳᠡᠭᠡᠭᠰᠢᠯᠡᠬᠦᠯᠬᠦ ᠬᠡᠷᠡᠭᠲᠠᠢ᠃ ᠲᠦᠷᠭᠡᠨ ᠭᠤᠪᠢᠭᠤᠯᠭ᠎ᠠ ᠶᠢᠨ ᠬᠠᠭᠤᠳᠠᠰᠤ᠂ ᠬᠦᠯᠢᠶᠡᠨ ᠠᠪᠤᠭᠰᠠᠨ ᠪᠠᠷᠢᠮᠳᠠ ᠵᠡᠷᠭᠡ ᠴᠢᠬᠤᠯᠠ ᠮᠡᠳᠡᠭᠡ ᠵᠠᠩᠭᠢ ᠪᠠᠨ ᠲᠤᠷ᠎ᠠ ᠪᠠᠷ ᠬᠠᠶᠠᠵᠤ ᠪᠤᠯᠬᠤ ᠦᠭᠡᠢ︔ APP ᠪᠠᠭᠤᠯᠭᠠᠬᠤ ᠳᠤ ᠬᠤᠪᠢ ᠵᠢᠨ‌ᠨᠢᠭᠤᠴᠠ ᠲᠠᠢ ᠬᠤᠯᠪᠤᠭᠳᠠᠭᠰᠠᠨ ᠭᠡᠷ᠎ᠠ ᠶᠢ ᠰᠠᠶᠢᠳᠤᠷ ᠤᠡᠭᠰᠢᠬᠤ ᠴᠢᠬᠤᠯᠠᠲᠠᠢ︔ ᠨᠡᠶᠢᠭᠡᠮ ᠤᠨ ᠬᠠᠷᠢᠯᠴᠠᠭ᠎ᠠ ᠶᠢᠨ ᠰᠦᠯᠵᠢᠶᠡᠨ ᠳᠡᠭᠡᠷ᠎ᠠ ᠴᠢᠳᠠᠬᠤ ᠶᠢᠨ ᠲᠤᠳᠤᠷ᠎ᠠ ᠬᠤᠪᠢ ᠬᠦᠮᠦᠨ ᠤ ᠮᠡᠳᠡᠭᠡ ᠵᠠᠩᠭᠢ ᠪᠠᠨ ᠵᠠᠳᠠᠷᠠᠭᠤᠯᠬᠤ ᠦᠭᠡᠢ︔ ᠳᠡᠰ ᠬᠤᠪᠢᠶᠠᠨ ᠨᠢᠭᠤᠴᠠ ᠨᠤᠮᠧᠷ ᠲᠤᠭᠳᠠᠭᠠᠨ᠎ᠠ︔ ᠡᠩ ᠤᠨ ᠴᠠᠭ ᠲᠤ ᠭᠡᠷ ᠤᠨ ᠠᠬᠠᠮᠠᠳ ᠲᠠᠢ ᠪᠠᠨ ᠰᠡᠳᠬᠢᠯ ᠰᠠᠨᠠᠭ᠎ᠠ ᠪᠠᠨ ᠰᠤᠯᠢᠯᠴᠠᠵᠤ᠂ ᠳᠡᠳᠡᠨᠠᠷ ᠲᠤ ᠦᠪᠡᠷ ᠤᠨ ᠮᠡᠳᠡᠭᠡ ᠵᠠᠩᠭᠢ ᠪᠠᠨ ᠬᠠᠮᠠᠭᠠᠯᠠᠬᠤ ᠮᠡᠳᠡᠯᠭᠡ ᠶᠢ ᠵᠢᠭᠠᠵᠤ ᠦᠭᠴᠤ᠂ ᠳᠡᠳᠡᠨᠠᠷ ᠤᠨ ᠮᠡᠭᠡᠯᠡᠭᠳᠡᠬᠦ ᠡᠴᠠ‌ᠵᠠᠶᠢᠯᠠᠰᠬᠢᠪᠠᠯ ᠵᠤᠬᠢᠨ᠎ᠠ᠃ ᠬᠤᠪᠢ‌‍ᠬᠦ᠋ᠮᠦᠨ ᠤ ᠮᠡᠳᠡᠭᠡ ᠵᠠᠩᠭᠢ ᠶᠢ ᠬᠠᠮᠠᠭᠠᠯᠠᠬᠤ ᠳᠤ᠂ ᠵᠠᠰᠠᠭ ᠤᠨ ᠤᠷᠳᠤᠨ᠂ ᠠᠵᠤ ᠠᠬᠤᠢᠢᠯᠠᠯ ᠪᠠ  ᠬᠤᠪᠢ ᠬᠦᠮᠦᠨ ᠤ ᠬᠠᠮᠵᠢᠯᠴᠠᠭ᠎ᠠ ᠶᠢ ᠬᠡᠷᠡᠭᠰᠡᠨ᠎ᠠ᠃              ᠬᠤᠯᠪᠤᠭᠠᠰᠤ᠄              ᠲᠦᠷᠭᠡᠨ ᠭᠤᠪᠢᠭᠤᠯᠭ᠎ᠠ ᠶᠢᠨ ᠬᠠᠭᠤᠳᠠᠰᠤᠨ ᠳᠡᠭᠡᠷᠡᠭᠢ ᠬᠤᠪᠢ ᠶᠢᠨ ᠨᠢᠭᠤᠴᠠ ᠪᠠᠨ ᠰᠢᠢᠳᠪᠦᠷᠢᠯᠡᠬᠦ ᠬᠡᠳᠦᠨ‌ᠵᠦ᠋ᠢᠯ ᠤᠨ ᠠᠷᠭ᠎ᠠ             1. ᠲᠦᠷᠭᠡᠨ ᠭᠤᠪᠢᠭᠤᠯᠭ᠎ᠠ ᠶᠢᠨ ᠬᠠᠭᠤᠳᠠᠰᠤ ᠶᠢ ᠤᠷᠠᠬᠤ ᠪᠤᠶᠤ ᠬᠤᠰᠤᠵᠤ ᠬᠤᠭ ᠤᠨ ᠬᠠᠶᠢᠷᠴᠠᠭ ᠲᠤ ᠬᠠᠶᠠᠨ᠎ᠠ᠃           2. ᠲᠦᠷᠭᠡᠨ ᠭᠤᠪᠢᠭᠤᠯᠭ᠎ᠠ ᠶᠢᠨ ᠬᠠᠭᠤᠳᠠᠰᠤ ᠪᠠᠨ ᠦᠪᠡᠷ ᠢᠶᠠᠨ ᠬᠠᠳᠠᠭᠠᠯᠠᠨ᠎ᠠ᠃             3. ᠴᠡᠴᠡᠭ ᠤᠨ ᠨᠡᠷᠡᠮᠡᠯ ᠢ ᠲᠦᠷᠭᠡᠨ ᠭᠤᠪᠢᠭᠤᠯᠭ᠎ᠠ ᠶᠢᠨ ᠬᠠᠭᠤᠳᠠᠰᠤ ᠳᠡᠭᠡᠷ᠎ᠠ ᠰᠦᠷᠴᠢᠪᠡᠯ  ᠮᠡᠳᠡᠭᠡ ᠵᠠᠩᠭᠢ ᠶᠢ ᠠᠷᠢᠯᠭᠠᠵᠤ ᠲᠡᠶᠢᠯᠦᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号