ᠬᠤᠸᠠᠩ ᠮᠢᠨ ᠵᠠᠰᠠᠭ ᠤᠨ ᠶᠠᠪᠤᠳᠠᠯ ᠤᠨ ᠲᠢᠩᠬᠢᠮ ᠳᠤ ᠬᠦᠷᠴᠦ ᠪᠠᠶᠢᠴᠠᠭᠠᠨ ᠰᠣᠳᠣᠯᠣᠯᠲᠠ ᠬᠢᠪᠡ
ᠨᠡᠶᠢᠲᠡᠯᠡᠭᠰᠡᠨ ᠴᠠᠭ᠄
2018-05-16
     ᠰᠠᠷ᠎ᠠ ᠶᠢᠨ4᠎ ᠤ ᠡᠳᠥᠷ᠂ ᠲᠤᠭᠤᠷᠢᠭ ᠤᠨ ᠨᠠᠮ ᠤᠨ ᠬᠤᠷᠢᠶ᠎ᠠ ᠶᠢᠨ ᠲᠡᠳ᠋ ᠱᠦᠵᠢ᠂ ᠲᠤᠭᠤᠷᠢᠭ ᠤᠨ ᠵᠠᠰᠠᠭ ᠎ ᠤᠨ ᠤᠷᠳᠤᠨ ᠤ ᠲᠠᠷᠤᠭ᠎ᠠ ᠬᠤᠸᠠᠩ ᠮᠢᠨ ᠵᠠᠰᠠᠭ ᠤᠨ ᠶᠠᠪᠤᠳᠠᠯ ᠤᠨ ᠲᠢᠩᠬᠢᠮ ᠳᠤ ᠬᠦᠷᠴᠦ ᠪᠠᠶᠢᠴᠠᠭᠠᠨ ᠰᠣᠳᠣᠯᠣᠯᠲᠠ ᠬᠢᠪᠡ᠃ ᠲᠣᠭᠤᠷᠢᠭ ᠤᠨ ᠵᠠᠰᠠᠭ ᠤᠨ ᠣᠷᠳᠤᠨ᠂ ᠬᠥᠭᠵᠢᠯᠲᠡ ᠶᠢ ᠦᠭᠡᠷᠡᠴᠢᠯᠡᠬᠦ ᠲᠣᠪᠴᠢᠶ᠎ᠠ᠂ ᠣᠷᠤᠨ ᠰᠠᠭᠤᠴᠠ ᠪᠣᠯᠤᠨ ᠪᠦᠲᠦᠭᠡᠨ ᠪᠠᠶᠢᠭᠤᠯᠤᠯᠲᠠ‌‍ᠲ᠋ᠥ᠋ᠯᠦᠪᠵᠢᠭᠦᠯᠭᠡ ᠶᠢᠨ ᠲᠣᠪᠴᠢᠶ᠎ᠠ᠂ ᠭᠠᠵᠠᠷ ᠰᠢᠷᠤᠢ ᠶᠢᠨ ᠡᠬᠢ ᠪᠠᠶᠠᠯᠢᠭ ᠤᠨ ᠬᠠᠮᠢᠶᠠᠷᠤᠯᠲᠠ ᠶᠢᠨ ᠲᠣᠪᠴᠢᠶ᠎ᠠ᠂ ᠣᠷᠴᠢᠨ ᠲᠣᠭᠤᠷᠢᠨ ᠤ ᠬᠠᠮᠠᠭᠠᠯᠠᠯᠲᠠ ᠶᠢᠨ ᠲᠣᠪᠴᠢᠶ᠎ᠠ  ᠂ ᠡᠷᠡᠭᠦᠯ ᠬᠠᠮᠠᠭᠠᠯᠠᠯ ᠪᠣᠯᠤᠨ ᠲᠥᠯᠦᠪᠯᠡᠭᠡᠲᠦ ᠦᠷᠡᠵᠢᠯ ᠤᠨ ᠲᠣᠪᠴᠢᠶ᠎ᠠ᠂ ᠵᠠᠬ᠎ᠠ ᠳᠡᠯᠭᠡᠭᠦᠷ ᠳᠤ ᠬᠢᠨᠠᠯᠲᠠ ᠲᠠᠯᠪᠢᠬᠤ ᠬᠠᠮᠢᠶᠠᠷᠬᠤ ᠲᠣᠪᠴᠢᠶ᠎ᠠ᠂ ᠤᠯᠤᠰ ᠤᠨ ᠭᠠᠶᠢᠯᠢ ᠶᠢᠨ ᠶᠠᠪᠤᠳᠠᠯ ᠤᠨ ᠲᠣᠪᠴᠢᠶ᠎ᠠ ᠵᠡᠷᠭᠡ ᠪᠠᠶᠢᠭᠤᠯᠭ᠎ᠠ ᠶᠢᠨ ᠬᠠᠷᠢᠭᠤᠴᠠᠯᠭᠠᠲᠠᠳ ᠪᠠᠷ᠎ᠠ ᠪᠣᠯᠤᠯᠴᠠᠨ ᠪᠠᠶᠢᠴᠠᠭᠠᠨ ᠰᠤᠳᠤᠯᠤᠯᠲᠠ ᠬᠢᠪᠡ᠃

     ᠵᠠᠰᠠᠭ ᠤᠨ ᠶᠠᠪᠤᠳᠠᠯ ᠤᠨ ᠲᠢᠩᠬᠢᠮ ᠳᠤ᠂ ᠬᠤᠸᠠᠩ ᠮᠢᠨ ᠲᠢᠩᠬᠢᠮ ‍ᠦᠨ‌ᠬᠠᠷᠢᠭᠤᠴᠠᠯᠭᠠᠲᠠᠨ ᠤ ᠵᠠᠰᠠᠭ

ᠵᠠᠬᠢᠷᠭᠠᠨ ᠤ ᠬᠢᠨᠠᠨ ᠵᠥᠪᠰᠢᠶᠡᠷᠡᠬᠦ  ᠶᠢ ᠰᠢᠯᠢᠳᠡᠭᠴᠢᠯᠡᠨ ᠴᠣᠮᠬᠠᠳᠬᠠᠬᠤ᠂  ᠵᠠᠰᠠᠭ ᠤᠨ ᠶᠠᠪᠤᠳᠠᠯ ᠤᠨ

ᠶᠠᠪᠤᠭᠳᠠᠬᠤ ᠶᠢ ᠳᠦᠷᠢᠮᠵᠢᠭᠦᠯᠬᠦ᠂ ᠠᠷᠠᠳ ᠲᠤ ᠳᠦᠭᠦᠮ ᠦᠢᠯᠡᠴᠢᠯᠡᠭᠡ ᠦᠵᠡᠭᠦᠯᠬᠦ  ᠂《 ᠢᠨᠲ᠋ᠧᠷ + ᠵᠠᠰᠠᠭ ᠤᠨ

ᠶᠠᠪᠤᠳᠠᠯ ᠤᠨ ᠦᠢᠯᠡᠴᠢᠯᠡᠭᠡ》᠂《 ᠣᠷᠤᠯᠠᠨ ᠭᠦᠢᠴᠡᠳᠬᠡᠭᠴᠢ ᠳᠦᠷᠢᠮ》  ᠵᠡᠷᠭᠡ ᠠᠵᠢᠯ ᠤᠨ ᠶᠠᠪᠤᠭᠳᠠᠵᠤ

ᠪᠠᠶᠢᠬᠤ ᠪᠠᠶᠢᠳᠠᠯ ᠤᠨ ᠲᠤᠬᠠᠢ ᠲᠠᠨᠢᠯᠴᠠᠭᠤᠯᠭ᠎ᠠ ᠶᠢ ᠰᠤᠨᠤᠰᠪᠠ  ᠂  ᠬᠤᠸᠠᠩ ᠮᠢᠨ ᠪᠠᠰᠠ ᠠᠵᠤ ᠦᠢᠯᠡᠳᠪᠤᠷᠢ

ᠬᠤᠳᠠᠯᠳᠤᠭ᠎ᠠ ᠶᠢᠨ ᠳᠠᠩᠰᠠᠯᠠᠬᠤ᠂ ᠤᠯᠤᠰ ᠤᠨ ᠭᠠᠶᠢᠯᠢ ᠣᠷᠤᠨ ᠨᠤᠲᠤᠭ ᠤᠨ ᠭᠠᠶᠢᠯᠢ ᠶᠢᠨ ᠶᠡᠷᠤᠩᠬᠡᠢ ᠭᠠᠶᠢᠯᠢ ᠢ

ᠰᠢᠢᠳᠪᠦᠷᠢᠯᠡᠬᠦ᠂ ᠬᠠᠣᠯᠢ ᠴᠠᠭᠠᠵᠠ ᠪᠠᠷ ᠠᠪᠤᠷᠠᠬᠤ  ᠂ ᠡᠷᠬᠢᠯᠡᠭᠰᠡᠨ ᠠᠵᠢᠯ ᠤᠨ ᠬᠢᠨᠠᠨ ᠵᠥᠪᠰᠢᠶᠡᠷᠡᠬᠦ᠂ ᠲᠣᠭᠲᠠᠮᠠᠯ

ᠬᠦᠷᠦᠩᠭᠡ ᠶᠢᠨ ᠳᠠᠩᠰᠠᠯᠠᠯᠲᠠ᠂ ᠳᠤᠲᠤᠭᠠᠳᠤ ᠶᠢ ᠬᠠᠮᠠᠭᠠᠯᠠᠬᠤ ᠲᠣᠪᠴᠢᠶᠠᠨ ᠤ ᠡᠷᠦᠬᠡ ᠠᠮᠠ ᠶᠢᠨ ᠶᠠᠪᠤᠳᠠᠯ ᠵᠡᠷᠭᠡ

ᠴᠣᠩᠬᠤᠨ ᠤ ᠡᠮᠦᠨ᠎ᠡ ᠣᠴᠢᠵᠤ᠂ ᠠᠵᠢᠯᠲᠠᠨ ᠪᠣᠯᠤᠨ ᠶᠠᠪᠤᠳᠠᠯ ᠰᠢᠢᠳᠪᠦᠷᠢᠯᠡᠵᠦ ᠪᠠᠶᠢᠭ᠎ᠠ ᠣᠯᠠᠨ ᠲᠦᠮᠡᠨ ᠲᠠᠢ

ᠳᠤᠲᠤᠨᠤᠰᠤᠭ ᠬᠡᠯᠡᠯᠴᠡᠵᠤ᠂ ᠨᠠᠷᠢᠨ ᠪᠤᠲᠠᠲᠠᠢ ᠪᠠᠷ ᠠᠵᠢᠯ ᠰᠢᠢᠳᠪᠦᠷᠢᠯᠡᠬᠦ ᠡᠷᠬᠡ ᠮᠡᠳᠡᠯ ᠤᠨ ᠬᠡᠪᠴᠢᠶ᠎ᠡ᠂ ᠶᠠᠪᠤᠴᠠ᠂

ᠬᠤᠭᠤᠴᠠᠭ᠎ᠠ ᠵᠡᠷᠭᠡ  ᠪᠠᠶᠢᠳᠠᠯ ᠤᠨ ᠲᠤᠬᠠᠢ ᠨᠠᠷᠢᠨ ᠲᠣᠳᠤᠷᠬᠠᠢ ᠯᠠᠪᠯᠠᠨ ᠠᠰᠠᠭᠤᠪᠠ᠃

     ᠪᠠᠶᠢᠴᠠᠭᠠᠨ ᠰᠣᠳᠣᠯᠣᠯᠲᠠ ᠳᠤᠮᠳᠠ᠂  ᠬᠤᠸᠠᠩ ᠮᠢᠨ ᠵᠢᠭᠠᠵᠤ ᠭᠠᠷᠭᠠᠭᠰᠠᠨ ᠨᠢ᠄

     ᠣᠶᠢᠷ᠎ᠠ ᠶᠢᠨ ᠵᠢᠯ ᠳᠤ᠂ ᠮᠠᠨ ᠤ ᠲᠣᠭᠤᠷᠢᠭ ᠬᠢᠨᠠᠨ ᠵᠤᠪᠰᠢᠶᠡᠷᠡᠬᠦ ᠦᠢᠯᠡᠴᠢᠯᠡᠭᠡᠨ ᠤ ᠠᠷᠠᠳ ᠲᠤ ᠳᠦᠭᠦᠮ

ᠦᠵᠡᠭᠦᠯᠬᠦ ᠶᠢ ᠭᠦᠨᠵᠡᠭᠡᠢ ᠲᠦᠯᠬᠢᠨ ᠠᠬᠢᠭᠤᠯᠵᠤ᠂ ᠦᠨᠡᠨᠬᠦ ᠠᠷᠠᠳ ᠲᠦᠮᠡᠨ ᠪᠣᠯᠤᠨ ᠠᠵᠤ ᠠᠬᠤᠶᠢᠯᠠᠯ ᠲᠤ

ᠦᠨᠡᠬᠡᠷ ᠳᠦᠭᠦᠮ ᠬᠤᠷᠳᠤᠨ ᠦᠢᠯᠡᠴᠢᠯᠡᠭᠡ ᠶᠢ ᠬᠠᠩᠭᠠᠭᠰᠠᠨ ᠪᠠᠶᠢᠨ᠎ᠠ᠂ ᠬᠢᠨᠠᠨ ᠵᠥᠪᠰᠢᠶᠡᠷᠡᠬᠦ ᠶᠠᠪᠣᠳᠠᠯ ᠤᠳ ᠢ

ᠰᠢᠯᠢᠳᠡᠭᠴᠢᠯᠡᠨ ᠴᠣᠮᠬᠠᠳᠬᠠᠨ᠂ ᠠᠷᠠᠳ ᠲᠦᠮᠡᠨ ᠤ ᠰᠦᠢᠳᠬᠡᠯ ᠬᠤᠷᠢᠶᠠᠬᠤ ᠶᠢ ᠪᠠᠭᠠᠰᠬᠠᠵᠤ᠂《  ᠢᠨᠲ᠋ᠧᠷ

ᠰᠦᠯᠵᠢᠶ᠎ᠠ + ᠵᠠᠰᠠᠭ ᠤᠨ ᠶᠠᠪᠤᠳᠠᠯ ᠤᠨ ᠦᠢᠯᠡᠴᠢᠯᠡᠭᠡ》᠎ ᠶᠢᠨ ᠵᠠᠭᠪᠤᠷ ᠢ ᠰᠢᠨᠡᠳᠬᠡᠵᠦ᠂《 ᠨᠢᠭᠡᠯᠠ ᠤᠳᠠᠭ᠎ᠠ

ᠭᠦᠶᠦᠬᠦ》ᠦᠭᠡᠷᠡᠴᠢᠯᠡᠯᠲᠡ ᠶᠢ ᠲᠦᠯᠬᠢᠨ ᠠᠬᠢᠭᠤᠯᠵᠤ᠂ ᠪᠦᠬᠦ ᠲᠠᠯ᠎ᠠ ᠪᠠᠷ ᠠᠷᠠᠳ ᠲᠦᠮᠡᠨ ᠤ ᠲᠦᠯᠦᠭᠡ

ᠦᠢᠯᠡᠴᠢᠯᠡᠬᠦ ᠴᠢᠳᠠᠪᠤᠷᠢ ᠪᠣᠯᠤᠨ ᠬᠢᠷᠢ ᠲᠥᠪᠰᠢᠨ ᠢ ᠳᠡᠭᠡᠭᠰᠢᠯᠡᠭᠦᠯᠵᠦ᠂ ᠵᠠᠰᠠᠭ ᠤᠨ ᠶᠠᠪᠣᠳᠠᠯ ᠤᠨ

ᠦᠢᠯᠡᠴᠢᠯᠡᠭᠡᠨ ᠤ ᠲᠥᠪ᠂ ᠬᠤᠲᠠ ᠶᠢᠨ ᠳᠡᠰ ᠤᠨ ᠪᠣᠯᠪᠠᠰᠤᠨ ᠴᠣᠩᠬᠤ ᠪᠣᠯᠤᠨ ᠠᠵᠢᠯᠴᠢᠨ ᠬᠤᠰᠢᠭᠤᠴᠢ ᠳ᠋ᠤᠭᠠᠷ

ᠢᠷᠠᠭᠤ ᠠᠯᠳᠠᠷ ᠢ ᠬᠦᠷᠲᠡᠵᠦ᠂ ᠡᠯ᠎ᠡ ᠲᠦᠷᠦᠯ ᠤᠨ ᠠᠵᠢᠯ ᠢᠯᠡᠷᠬᠡᠢ ᠦᠷ᠎ᠡ ᠪᠦᠲᠦᠮᠵᠢ ᠣᠯᠵᠤ᠂ ᠬᠢᠷᠢ ᠪᠦᠲᠦᠮᠵᠢ

᠎ ᠨᠢ  ᠪᠠᠲᠤᠯᠠᠯᠲᠠ‌ᠣᠯᠤᠭᠰᠠᠨ ᠪᠠᠶᠢᠨ᠎ᠠ᠃

    ᠬᠤᠸᠠᠩ ᠮᠢᠨ‌‍ᠴᠢᠬᠤᠴᠢᠯᠠᠭᠰᠠᠨ ᠨᠢ᠄

     ᠵᠠᠰᠠᠭ ᠤᠨ ᠶᠠᠪᠤᠳᠠᠯ ᠤᠨ ᠲᠢᠩᠬᠢᠮ ᠳᠤ ᠰᠠᠭᠤᠷᠢᠰᠢᠵᠤ ᠪᠠᠶᠢᠭ᠎ᠠ ᠰᠠᠯᠠᠭ᠎ᠠ ᠮᠦᠴᠢᠷ  ᠂ ᠪᠠᠶᠢᠭᠤᠯᠭ᠎ᠠ ᠵᠠᠪᠠᠯ ᠰᠢ

᠎ ᠶᠢᠨ ᠫᠢᠩ ᠤᠨ ᠰᠢᠨ᠎ᠡ ᠴᠠᠭ ᠦᠶ᠎ᠡ ᠶᠢᠨ ᠲᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ

ᠰᠠᠨᠠᠭ᠎ᠠ ᠪᠠᠷ ᠵᠢᠯᠤᠭᠤᠳᠤᠯᠭ᠎ᠠ ᠪᠤᠯᠭᠠᠵᠤ᠂ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠪᠣᠯᠣᠨ ᠰᠢ ᠶᠢᠨ ᠫᠢᠩ

ᠶᠡᠷᠦᠩᠬᠡᠢ ᠱᠦᠵᠢ ᠥᠪᠥᠷ ᠮᠣᠩᠭᠤᠯ ᠤᠨ ᠲᠥᠯᠦᠭᠡᠯᠡᠭᠴᠢᠳ ᠤᠨ ᠪᠦᠯᠬᠦᠮ ᠤᠨ ᠬᠢᠨᠠᠨ ᠵᠥᠪᠯᠡᠬᠦ ᠦᠶ᠎ᠡ ᠳᠤ

ᠣᠷᠤᠯᠴᠠᠬᠤ ᠦᠶ᠎ᠡ ᠶᠢᠨ ᠴᠢᠬᠤᠯᠠ ᠶᠠᠷᠢᠶᠠᠨ ᠤ ᠵᠣᠷᠢᠭ ᠰᠠᠨᠠᠭ᠎ᠠ ᠶᠢ ᠭᠦᠨᠵᠡᠭᠡᠢ ᠰᠤᠷᠤᠯᠴᠠᠨ ᠲᠣᠣᠱᠢᠯᠠᠭᠤᠯᠵᠣ

《ᠲᠠᠯᠪᠢᠬᠤ ᠬᠠᠮᠢᠶᠠᠷᠬᠤ ᠦᠢᠯᠡᠴᠢᠯᠡᠬᠦ》 ᠦᠭᠡᠷᠡᠴᠢᠯᠡᠯᠲᠡ ᠶᠢ ᠲᠦᠯᠬᠢᠨ ᠠᠬᠢᠭᠤᠯᠵᠤ᠂ ᠬᠢᠨᠠᠨ ᠵᠦᠪᠰᠢᠶᠡᠷᠡᠬᠦ ᠨᠢ

ᠬᠠᠮᠤᠭ ᠬᠤᠷᠳᠤᠨ᠂ ᠰᠦᠢᠳᠭᠡᠯ ᠬᠤᠷᠢᠶᠠᠬᠤ ᠨᠢ ᠬᠠᠮᠤᠭ ᠪᠠᠭ᠎ᠠ  ᠂ ᠦᠷ᠎ᠡ ᠪᠦᠲᠦᠮᠵᠢ ᠨᠢ ᠬᠠᠮᠤᠭ ᠦᠨᠳᠦᠷ᠂

ᠦᠢᠯᠡᠴᠢᠯᠡᠭᠡ ᠨᠢ ᠬᠠᠮᠤᠭ ᠰᠢᠯᠢᠳᠡᠭ ᠵᠠᠰᠠᠭ ᠤᠨ ᠶᠠᠪᠤᠳᠠᠯ ᠤᠨ ᠣᠷᠴᠢᠨ ᠲᠤᠭᠤᠷᠢᠨ ᠢ ᠪᠦᠳᠦᠭᠡᠨ ᠪᠠᠶᠢᠭᠤᠯᠬᠤ

ᠬᠡᠷᠡᠭᠲᠡᠢ ᠭᠡᠵᠤ ᠴᠢᠬᠤᠯᠠᠴᠢᠯᠠᠪᠠ᠃

     ᠬᠤᠸᠠᠩ  ᠮᠢᠨ  ᠱᠠᠭᠠᠷᠳᠠᠭᠰᠠᠨ ᠨᠢ᠄

     ᠲᠣᠭᠤᠷᠢᠭ ᠤᠨ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠥᠪ᠂ ᠦᠢᠯᠡᠴᠢᠯᠡᠬᠦ  ᠲᠠᠯ᠎ᠠ ᠢ  ᠣᠷᠢᠶᠠᠵᠤ᠂

ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠦᠷᠭᠡᠨ ᠳᠡᠯᠭᠡᠷ ᠭᠦᠨ ᠭᠦᠨᠵᠡᠭᠡᠢ ᠬᠦᠷᠢᠶ᠎ᠡ ᠬᠡᠪᠴᠢᠶ᠎ᠡ ᠶᠢ ᠦᠡᠭᠡᠳᠬᠡᠵᠦ

᠂ ᠵᠠᠰᠠᠭ ᠤᠨ ᠶᠠᠪᠤᠳᠠᠯ ᠤᠨ ᠣᠷᠴᠢᠨ ᠲᠣᠭᠤᠷᠢᠨ ᠢ ᠤᠯᠠᠮ ᠨᠢᠭᠡ ᠠᠯᠬᠤᠮ ᠰᠢᠯᠢᠳᠡᠭᠵᠢᠭᠦᠯᠦᠨ᠎ᠡ᠃

     ᠠᠵᠢᠯ ᠤᠨ ᠪᠦᠲᠦᠮᠵᠢ ᠪᠠᠨ ᠲᠠᠰᠤᠷᠠᠯᠲᠠ ᠦᠭᠡᠢ ᠳᠡᠭᠡᠭᠰᠢᠯᠡᠭᠦᠯᠦᠨ᠎ᠡ᠃

     ᠦᠢᠯᠡᠴᠢᠯᠡᠬᠦ ᠬᠢᠷᠢ ᠲᠥᠪᠰᠢᠨ ᠢᠶᠠᠨ ᠰᠢᠯᠢᠳᠡᠭᠵᠢᠭᠦᠯᠦᠨ᠎ᠡ᠃

     ᠠᠵᠢᠯ ᠤᠨ ᠣᠪᠤᠷ ᠰᠤᠷᠲᠠᠯ ᠢᠶᠠᠨ ᠰᠠᠶᠢᠵᠢᠷᠠᠭᠤᠯᠤᠨ᠎ᠠ᠃

 
ᠢᠷᠡᠯᠲᠡ᠄ ᠪᠠᠶᠠᠠᠠᠤᠪᠤᠭ᠎ᠠ ᠠᠭᠤᠷᠬᠠᠢ ᠶᠢᠨ ᠲᠣᠭᠣᠷᠢᠭ ᠤᠨ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号