ᠲᠠᠪᠤᠨ ᠠᠮᠳᠠ ᠬᠢᠭᠡᠳ ᠡᠷᠡᠭᠦᠯ ᠮᠡᠨᠳᠦ
ᠨᠡᠶᠢᠲᠡᠯᠡᠭᠰᠡᠨ ᠴᠠᠭ᠄
2019-01-21
     ᠰᠢᠬᠢᠷᠯᠢᠭ ᠠᠮᠳᠠ᠄ ᠰᠢᠬᠢᠷ ᠨᠢ ᠬᠦᠮᠦᠨ ᠤ ᠪᠡᠶ᠎ᠡ ᠶᠢᠨ ᠢᠯᠴᠢ ᠨᠦᠬᠦᠪᠦᠷᠢᠯᠡᠬᠦ ᠴᠢᠬᠤᠯᠠ ᠡᠬᠢ ᠰᠤᠷᠪᠤᠯᠵᠢ ᠪᠠᠶᠢᠵᠤ᠂ ᠪᠠᠰᠠᠴᠤ ᠴᠢᠰᠤ ᠶᠢ ᠪᠤᠶᠢᠵᠢᠭᠤᠯᠬᠤ ᠪᠠ ᠲᠠᠮᠢᠷ ᠤᠷᠤᠭᠤᠯᠬᠤ ᠦᠢᠯᠡᠳᠦᠯ ᠲᠠᠢ ᠪᠠᠶᠢᠳᠠᠭ᠃ ᠭᠡᠪᠡᠴᠦ ᠰᠢᠬᠢᠷᠯᠢᠭ ᠢᠳᠡᠭᠡᠨ ᠢ ᠬᠡᠳᠦ ᠢᠳᠡᠪᠡᠯ ᠴᠢᠰᠤᠨ ᠤ ᠰᠢᠬᠢᠷ ᠤᠨ ᠬᠡᠮᠵᠢᠶ᠎ᠡ ᠦᠨᠳᠦᠷ ᠪᠤᠯᠵᠤ᠂ ᠰᠦᠰᠦᠨ ᠤ ᠠᠯᠺᠦᠦᠯ ᠤᠨ ᠬᠡᠮᠵᠢᠶ᠎ᠡ ᠨᠡᠮᠡᠭᠳᠡᠵᠦ᠂ ᠪᠠᠰᠠ ᠪᠡᠶ᠎ᠡ ᠶᠢᠨ ᠺᠠᠯᠼ ᠪᠠ ᠸᠢᠲ᠋ᠠᠮᠢᠨ B1᠎ ᠶᠢ ᠬᠦᠨᠳᠦ ᠰᠦᠷᠡᠬᠡᠢ ᠬᠤᠷᠤᠭᠳᠠᠭᠤᠯᠳᠠᠭ᠃            ᠬᠦᠴᠢᠯᠯᠢᠭ ᠠᠮᠳᠠ᠄ ᠤᠷᠭᠠᠨᠢᠭ ᠬᠦᠴᠢᠯ ᠤᠨ ᠵᠦᠢᠯ᠂ ᠵᠢᠱᠢᠶᠡᠯᠡᠪᠡᠯ ᠼᠤ᠋ ᠶᠢᠨ ᠬᠦᠴᠢᠯ᠂ ᠰᠦ ᠶᠢᠨ ᠬᠦᠴᠢᠯ᠂ ᠨᠢᠮᠪᠡᠭᠡ ᠶᠢᠨ ᠬᠦᠴᠢᠯ ᠵᠡᠷᠭᠡ ᠶᠢ ᠵᠤᠬᠢᠰᠳᠠᠢ ᠢᠳᠡᠬᠦ ᠨᠢ ᠬᠦᠮᠦᠨ ᠤ ᠢᠳᠡᠭᠡᠨ ᠤ ᠲᠤᠷᠠᠰᠢᠯ ᠢ ᠨᠡᠮᠡᠭᠳᠡᠭᠦᠯᠵᠦ᠂ ᠡᠯᠢᠭᠡᠨ ᠤ ᠴᠢᠳᠠᠪᠦᠷᠢ ᠶᠢ ᠳᠡᠭᠡᠭᠰᠢᠯᠡᠭᠦᠯᠬᠦ ᠪᠠ ᠺᠠᠯᠼ᠂ ᠹᠤᠰᠹᠤᠷ ᠵᠡᠷᠭᠡ ᠡᠯᠧᠮᠧᠨ᠋ᠲ ᠢ ᠰᠢᠩᠭᠡᠭᠡᠨ ᠠᠪᠬᠤ ᠳᠤ ᠠᠰᠢᠭᠳᠠᠢ ᠪᠠᠶᠢᠳᠠᠭ᠃ ᠭᠡᠳᠡᠯ᠎ᠡ ᠬᠦᠴᠢᠯᠯᠢᠭ ᠢᠳᠡᠭᠡᠨ ᠢ ᠬᠡᠲᠦ ᠢᠳᠡᠬᠦ ᠨᠢ ᠬᠤᠳᠤᠭᠤᠳᠤ ᠭᠡᠳᠡᠰᠦᠨ ᠤ ᠠᠵᠢᠯᠯᠠᠭ᠎ᠠ ᠶᠢ ᠰᠠᠮᠠᠭᠤᠷᠠᠭᠤᠯᠬᠤ ᠲᠤᠯᠠ ᠬᠤᠳᠤᠭᠤᠳᠤ ᠭᠡᠳᠡᠰᠦᠨ ᠭᠡᠮ ᠲᠠᠢ ᠬᠦᠮᠦᠰ ᠬᠦᠴᠢᠯᠯᠢᠭ ᠢᠳᠡᠭᠡᠨ ᠢ ᠪᠠᠭ᠎ᠠ ᠢᠳᠡᠪᠡᠯ ᠵᠤᠬᠢᠨ᠎ᠠ᠃      ᠭᠠᠰᠢᠭᠤᠯᠢᠭ ᠠᠮᠳᠠ᠄ ᠭᠠᠰᠢᠭᠤᠯᠢᠭ ᠠᠮᠳᠠ ᠲᠠᠢ ᠢᠳᠡᠭᠡᠨ᠂ ᠵᠢᠱᠢᠶᠡᠯᠡᠪᠡᠯ ᠴᠠᠢ᠂ ᠺᠤᠹᠧ ᠵᠡᠷᠭᠡ ᠨᠢ ᠬᠠᠯᠠᠭᠤᠨ ᠢ  ᠬᠦᠭᠡᠭᠡᠵᠦ᠂ ᠬᠤᠤᠷ᠎ᠠ ᠶᠢ ᠳᠠᠶᠢᠯᠬᠤ᠂ ᠬᠤᠷᠭᠤᠰᠤᠯᠠᠬᠤ ᠶᠢ ᠵᠠᠰᠠᠬᠤ᠂ ᠰᠢᠭᠡᠯᠭᠡᠬᠦ ᠵᠢᠴᠢ ᠬᠤᠳᠤᠭᠤᠳᠤ ᠎ ᠶᠢ ᠰᠠᠶᠢᠵᠢᠷᠠᠭᠤᠯᠬᠤ ᠵᠡᠷᠭᠡ ᠦᠢᠯᠡᠳᠦᠯ ᠲᠠᠢ ᠪᠠᠶᠢᠳᠠᠭ᠃ ᠭᠡᠪᠡᠴᠦ ᠭᠠᠰᠢᠭᠤᠯᠢᠭ ᠢᠳᠡᠭᠡᠨ ᠢ ᠬᠡᠳᠦ ᠢᠳᠡᠪᠡᠯ ᠰᠢᠩᠭᠡᠭᠡᠯᠳᠡ ᠶᠢᠨ ᠰᠢᠰᠲ᠋ᠧᠮ ᠢ ᠨᠦᠯᠦᠭᠡᠯᠡᠵᠦ᠂ ᠴᠢᠨᠠᠭᠰᠢᠯᠠᠨ ᠰᠠᠭᠤᠯᠭᠠᠬᠤ᠂ ᠴᠢᠴᠠᠭ᠎ᠠ ᠠᠯᠳᠠᠬᠤ ᠵᠡᠷᠭᠡ ᠭᠡᠮ ᠠᠷᠬᠠᠭ ᠢ ᠡᠬᠦᠰᠬᠡᠳᠡᠭ᠃      ᠭᠤᠱᠢᠭᠤᠯᠢᠭ ᠠᠮᠳᠠ᠄ ᠭᠤᠱᠢᠭᠤᠯᠢᠭ ᠠᠮᠳᠠ ᠲᠠᠢ ᠢᠳᠡᠭᠡᠨ ᠨᠢ ᠬᠡᠢ ᠶᠢ ᠳᠠᠷᠬᠠᠭᠠᠵᠤ᠂ ᠴᠢᠰᠤ ᠶᠢ ᠭᠦᠶᠦᠯᠭᠡᠵᠦ᠂  ᠬᠤᠳᠤᠭᠤᠳᠤ ᠭᠡᠳᠡᠰᠦᠨ ᠳᠤ ᠰᠡᠳᠡᠯᠳᠡ ᠦᠭᠴᠦ᠂ ᠢᠳᠡᠰᠢ ᠤᠤᠭᠤᠰᠢ ᠶᠢᠨ ᠲᠤᠷᠠᠰᠢᠯ ᠢ ᠰᠠᠶᠢᠵᠢᠷᠠᠭᠤᠯᠬᠤ ᠵᠡᠷᠭᠡ ᠦᠢᠯᠡᠳᠦᠯ ᠲᠠᠢ ᠪᠠᠶᠢᠳᠠᠭ᠃ ᠭᠡᠪᠡᠴᠦ ᠭᠤᠱᠤᠭᠤᠯᠢᠭ ᠢᠳᠡᠭᠡᠨ ᠢ ᠬᠡᠲᠦ ᠢᠳᠡᠪᠡᠯ ᠬᠤᠳᠤᠭᠤᠳᠤ ᠶᠢᠨ ᠨᠢᠮᠬᠡᠨ ᠬᠠᠯᠢᠰᠤᠳᠤ ᠪᠦᠷᠬᠦᠪᠴᠢ ᠳᠤ ᠰᠡᠳᠡᠯᠳᠡ ᠦᠭᠴᠦ᠂ ᠠᠭᠤᠰᠬᠢᠨ ᠬᠠᠯᠠᠭᠤᠨ ᠢ ᠠᠬᠠᠳᠠᠭᠤᠯᠬᠤ ᠪᠤᠯᠤᠨ᠎ᠠ᠃ ᠡᠶᠢᠮᠦ ᠠᠴᠠ ᠱᠠᠮᠪᠠᠷᠠᠮ ᠭᠡᠮ ᠲᠠᠢ᠂ ᠬᠤᠳᠤᠭᠤᠳᠤᠨ ᠰᠢᠷᠬᠠᠯᠠᠭ᠎ᠠ ᠲᠠᠢ ᠪᠠ ᠮᠡᠳᠡᠷᠡᠯ ᠤᠨ ᠰᠢᠰᠲ᠋ᠧᠮ ᠤᠨ ᠭᠡᠮ ᠲᠠᠢ ᠬᠦᠮᠦᠨ ᠭᠤᠱᠢᠭᠤᠯᠢᠭ ᠢᠳᠡᠭᠡᠨ ᠪᠠᠭ᠎ᠠ ᠢᠳᠡᠪᠡᠯ ᠵᠤᠬᠢᠨ᠎ᠠ᠃      ᠱᠤᠷᠪᠤᠭ ᠠᠮᠳᠠ᠄ ᠱᠤᠷᠪᠤᠭ ᠠᠮᠳᠠ ᠲᠠᠢ ᠢᠳᠡᠭᠡᠨ ᠢ ᠵᠤᠬᠢᠰᠳᠠᠢ ᠢᠳᠡᠬᠦ ᠨᠢ ᠪᠡᠶ᠎ᠡ ᠶᠢᠨ ᠬᠡᠢ ᠪᠡ ᠴᠢᠰᠤ ᠶᠢ ᠳᠡᠭᠰᠢᠷᠡᠭᠦᠯᠬᠦ ᠵᠢᠴᠢ ᠪᠡᠶ᠎ᠡ ᠶᠢᠨ ᠳᠠᠪᠤᠰᠤ ᠤᠰᠤᠨ ᠤ ᠰᠤᠯᠢᠯᠴᠠᠭ᠎ᠠ ᠶᠢ ᠠᠬᠢᠭᠤᠯᠬᠤ ᠵᠡᠷᠭᠡ ᠦᠢᠯᠡᠳᠦᠯ ᠲᠠᠢ ᠪᠠᠶᠢᠳᠠᠭ ᠃ ᠪᠦᠭᠡᠯᠵᠢᠬᠦ᠂ ᠰᠠᠭᠤᠯᠭᠠᠬᠤ ᠵᠢᠴᠢ ᠶᠡᠭᠡ ᠬᠦᠯᠦᠰᠦ ᠭᠠᠷᠤᠭᠰᠠᠨ ᠤ ᠳᠠᠷᠠᠭ᠎ᠠ ᠪᠠᠭ᠎ᠠ ᠳᠠᠪᠤᠰᠤ ᠲᠠᠢ ᠤᠰᠤ ᠤᠤᠭᠤᠬᠤ ᠨᠢ ᠪᠡᠶ᠎ᠡ ᠳᠤ ᠳᠠᠪᠤᠰᠤ ᠨᠦᠬᠦᠪᠦᠷᠢᠯᠡᠬᠦ ᠳᠤ ᠠᠰᠢᠭᠳᠠᠢ ᠪᠠᠶᠢᠳᠠᠭ᠃ ᠭᠡᠪᠡᠴᠦ ᠳᠠᠪᠤᠰᠤ ᠶᠢ ᠬᠡᠳᠦ ᠨᠦᠬᠦᠪᠦᠷᠢᠯᠡᠬᠦ ᠨᠢ ᠪᠡᠶ᠎ᠡ ᠳᠤ ᠠᠰᠢᠭ ᠦᠭᠡᠢ ᠪᠤᠯᠬᠤᠷ ᠨᠠᠰᠤᠨ ᠳᠤ ᠬᠦᠷᠦᠭᠰᠡᠳ ᠡᠳᠦᠷ ᠲᠤ 6 ᠭᠷᠠᠮ ᠤᠷᠴᠢᠮ ᠳᠠᠪᠤᠰᠤ ᠨᠦᠬᠦᠪᠡᠯ ᠮᠠᠬᠠᠪᠤᠳ ᠤᠨ ᠬᠡᠷᠡᠭᠴᠡᠭᠡ ᠶᠢ ᠪᠦᠷᠢᠨ ᠬᠠᠩᠭᠠᠵᠤ ᠳᠡᠶᠢᠯᠳᠡᠭ᠃
 
ᠢᠷᠡᠯᠲᠡ᠄ ᠳᠤᠮᠳᠠᠳᠤ ᠤᠯᠤᠰ ᠤᠨ ᠮᠣᠩᠭᠤᠯ ᠰᠤᠳᠤᠯᠤᠯ ᠤᠨ ᠰᠤᠷᠠᠭ ᠵᠠᠩᠬᠢ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号