ᠰᠡᠷᠵᠢᠮ ᠡᠷᠭᠦᠭᠦ ᠶᠤᠰᠤ
ᠨᠡᠶᠢᠲᠡᠯᠡᠭᠰᠡᠨ ᠴᠠᠭ᠄
2019-02-25
     ᠰᠡᠷᠵᠢᠮ ᠡᠷᠬᠦᠬᠦ ᠶᠤᠰᠤ ᠪᠤᠯ ᠠᠷᠢᠬᠢ ᠲᠠᠢ ᠬᠤᠯᠪᠤᠭ᠎ᠠ ᠲᠠᠢ ᠵᠠᠩᠰᠢᠯ ᠤᠨ ᠨᠢᠭᠡ ᠶᠣᠮ᠃ ᠲᠡᠭᠦᠨ ᠢ ᠢᠳᠠᠮ ᠬᠤᠷᠤᠭᠤ ᠪᠠᠷ ᠭᠤᠷᠪᠠ ᠤᠳᠠᠭ᠎ᠠ ᠡᠷᠭᠦᠳᠡᠭ᠃ ᠭᠤᠷᠪᠠ ᠤᠳᠠᠭ᠎ᠠ ᠡᠷᠬᠦᠳᠡᠭ ᠤᠨ ᠤᠴᠢᠷ ᠨᠢ ︽ᠬᠦᠬᠡ ᠲᠡᠭᠷᠢ ᠠᠮᠤᠭᠤᠯᠠᠩ ᠪᠠᠶᠢᠭ︾᠂ ︽ᠬᠦᠷᠤᠰᠤᠳᠤ ᠲᠡᠯᠡᠬᠡᠢ ᠠᠮᠤᠭᠤᠯᠠᠩ ᠪᠠᠶᠢᠭ︾᠂ ︽ᠬᠦᠮᠤᠨ ᠵᠣᠨ ᠠᠮᠤᠭᠤᠯᠠᠩ ᠪᠠᠶᠢᠭ︾ ᠭᠡᠰᠡᠨ ᠤᠳᠬ᠎ᠠ ᠲᠠᠢ᠃ ᠢᠳᠠᠮ ᠬᠤᠷᠤᠭᠤ  ᠪᠠᠷ ᠡᠷᠭᠦᠳᠡᠭ ᠶᠠᠮᠠᠷ ᠤᠴᠢᠷ ᠲᠠᠢ ᠶᠤᠮ ᠭᠡᠬᠦᠯᠡᠷ ᠲᠡᠷᠡ ᠨᠢ ᠭᠠᠷ ᠎ ᠤᠨ ᠲᠠᠪᠤᠨ ᠬᠤᠷᠤᠭᠤᠨ ᠲᠤᠳᠤᠷ᠎ᠠ ᠠᠴᠠ ᠪᠤᠯᠬᠤ ᠪᠤᠯᠬᠤ ᠦᠭᠡᠢ ᠶᠠᠭᠤᠮᠠᠨ ᠳᠤ ᠬᠦᠷᠳᠡᠭ ᠦᠭᠡᠢ ᠬᠠᠮᠤᠭ  ᠤᠨ ᠴᠡᠪᠡᠷ ᠪᠠᠶᠢᠳᠠᠭ  ᠲᠤ ᠤᠷᠤᠰᠢᠨ᠎ᠠ᠃ ᠶᠠᠭᠠᠬᠢᠭᠠᠳ ᠢᠳᠠᠮ ᠭᠡᠵᠤ ᠨᠡᠷᠡᠯᠡᠳᠡᠭ ᠶᠤᠮ ᠭᠡᠪᠡᠯ᠄ ᠮᠤᠩᠭᠤᠯ  ᠤᠨ ᠨᠦᠯᠤᠭᠡ ᠪᠦᠬᠦᠢ ᠲᠤᠮᠤ ᠨᠤᠶᠠᠳ ᠢ ᠮᠠᠨᠵᠤ ᠶᠢᠨ ᠬᠠᠭᠠᠨ ᠤᠷᠢᠵᠠᠢ᠃ ᠤᠷᠢᠬᠤ ᠳᠤ ᠪᠠᠨ ᠴᠢᠩᠭᠢᠰ ᠤᠨ ᠤᠳᠤᠮ ᠲᠡᠭᠡᠳᠤ ᠨᠤᠶᠠᠳ ᠢ ᠤᠰᠠᠳᠬᠠᠶ᠎ᠠ ᠭᠡᠰᠡᠨ ᠲᠡᠯᠳᠠ ᠰᠠᠨᠠᠭ᠎ᠠ ᠲᠠᠢ ᠪᠠᠶᠢᠵᠠᠢ᠃ ᠲᠡᠭᠡᠭᠡᠳ ᠮᠠᠨᠵᠤ  ᠶᠢᠨ ᠬᠠᠭᠠᠨ ᠶᠡᠭᠡ ᠲᠠᠶᠢᠯᠠᠯᠭ᠎ᠠ ᠲᠠᠯᠪᠢᠵᠤ ᠪᠦᠭᠦᠳᠡ ᠳᠤ ᠨᠢ ᠡᠷᠳᠡᠨᠢ  ᠶᠢᠨ ᠬᠠᠰ ᠬᠤᠨᠳᠠᠭ᠎ᠠ ᠲᠠᠢ ᠠᠷᠢᠬᠢ ᠪᠠᠷᠢᠵᠠᠢ᠃ ᠲᠡᠷᠡ ᠨᠢ ᠪᠦᠭᠦᠳᠡ ᠬᠤᠤᠷ ᠲᠠᠢ ᠪᠠᠶᠢᠭᠰᠠᠨ ᠢ ᠨᠢ ᠢᠳᠠᠮ ᠲᠦᠰᠢᠮᠡᠯ ᠮᠡᠳᠡᠩᠭᠦᠳᠡ  ᠪᠠᠨ᠄      — ᠲᠡᠭᠡᠳᠤᠰ ᠢ ᠲᠠᠭᠠᠵᠤ ᠢᠷᠡᠭᠰᠡᠨ ᠤ ᠬᠢ ᠶᠠᠭᠤ ᠪᠢᠯᠡ᠂ ᠪᠢ ᠨᠢᠭᠡ ᠬᠦᠷᠳᠡᠴᠢᠬᠡᠶ᠎ᠡ ᠭᠡᠳ ᠬᠤᠨᠳᠠᠭ᠎ᠠ ᠪᠠᠨ ᠲᠤᠰᠴᠠᠢ᠃ ᠬᠢᠭᠡᠳ ᠦᠭᠬᠦᠯᠡᠷ ᠨᠢ ᠬᠤᠷᠤᠭᠤ  ᠪᠠᠨ ᠲᠦᠷᠤᠭᠡᠳ ᠰᠡᠷᠵᠢᠮ ᠡᠷᠭᠦᠳᠡᠯ᠎ᠡ ᠬᠤᠷᠤᠭᠤ ᠨᠢ ᠬᠤᠪᠬᠠᠢ ᠴᠠᠶᠢᠵᠤ ᠮᠢᠬ᠎ᠠ ᠨᠢ ᠰᠢᠪᠳᠤᠷᠤᠭᠠᠳ ᠶᠠᠰᠤ ᠨᠢ ᠭᠤᠵᠤᠶᠢᠭᠠᠳ ᠦᠯᠡᠳᠡᠵᠠᠢ᠃ ᠢᠩᠭᠢᠵᠤ ᠮᠤᠩᠭᠤᠯ ᠤᠨ ᠨᠤᠶᠠᠳ ᠢ ᠠᠪᠤᠷᠠᠭᠰᠠᠨ ᠢᠳᠠᠮ ᠲᠦᠰᠢᠮᠡᠯ ᠤᠨ ᠨᠡᠷ᠎ᠡ ᠪᠠᠷ ᠨᠡᠷᠡᠯᠡᠭᠰᠡᠨ ᠶᠤᠮ ᠭᠡᠳᠡᠭ ᠲᠤᠮᠤᠭ ᠶᠠᠷᠢᠶ᠎ᠠ ᠪᠠᠶᠢᠳᠠᠭ᠃
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号