ᠭᠠᠯ ᠳᠠᠬᠢᠬᠤ ᠶᠤᠰᠤᠨ
ᠨᠡᠶᠢᠲᠡᠯᠡᠭᠰᠡᠨ ᠴᠠᠭ᠄
2019-02-26
     ᠮᠤᠩᠭᠤᠯᠴᠤᠳ ᠡᠷᠲᠡ ᠳᠡᠭᠡᠳᠦ ᠦᠶ᠎ᠡ ᠠᠴᠠ ᠲᠡᠭᠷᠢ ᠭᠠᠯ ᠢ ᠰᠢᠲᠦᠵᠤ ᠢᠷᠡᠵᠠᠢ᠃      ᠲᠡᠭᠷᠢ ᠪᠤᠯ ᠮᠦᠩᠬᠡ ᠶᠢᠨ ᠪᠡᠯᠭᠡᠳᠡᠯ᠂ ᠭᠠᠯ ᠢ ᠠᠷᠢᠭᠤᠨ ᠤ ᠪᠡᠯᠭᠡᠳᠡᠯ ᠭᠡᠳᠡᠭ ᠪᠢᠯᠡ᠃      ᠭᠠᠯ ᠢ ᠪᠤᠵᠠᠷ ᠪᠤᠯᠠᠢ ᠶᠢ ᠦᠭᠡᠢ ᠪᠤᠯᠭᠠᠳᠠᠭ ᠬᠡᠮᠡᠨ ᠰᠢᠳᠦᠳᠡᠭ ᠪᠠᠶᠢᠵᠠᠢ᠃      ᠲᠡᠶᠢᠮᠤ ᠤᠴᠢᠷ ᠠᠴᠠ ᠮᠠᠨᠠᠶᠢᠬᠢᠨ ᠳᠤ ᠭᠠᠳᠠᠨ᠎ᠠ ᠶᠢᠨ ᠬᠦᠮᠦᠨ ᠢ ᠬᠦᠯᠢᠶᠡᠵᠤ ᠠᠪᠬᠤ ᠳᠠᠭᠠᠨ ᠬᠤᠶᠠᠷ ᠭᠠᠯ ᠎ ᠤᠨ ᠳᠤᠮᠳᠠᠭᠤᠷ ᠭᠠᠷᠭᠠᠭᠰᠠᠨ ᠪᠤᠶᠤ ᠭᠠᠷᠭᠠᠳᠠᠭ ᠪᠠᠶᠢᠵᠠᠢ᠃      ᠦᠨᠳᠦᠷ ᠭᠡᠭᠡᠨ ᠵᠢᠨᠠᠪᠠᠽᠤᠷ᠂ ᠰᠤᠶᠤᠩᠪᠤ ᠶᠢ ᠵᠤᠬᠢᠶᠠᠬᠤ ᠳᠠᠭᠠᠨ ᠨᠠᠷᠠᠨ ᠰᠠᠷᠠᠨ ᠤ ᠳᠡᠭᠡᠷ᠎ᠡ ᠭᠠᠯ ᠢ ᠪᠠᠶᠢᠷᠢᠯᠠᠭᠤᠯᠵᠠᠢ᠃     ᠮᠤᠩᠭᠤᠯᠴᠤᠳ ᠭᠠᠯ ᠠᠴᠠ ᠠᠶᠤᠳᠠᠭ ᠴᠤ ᠪᠠᠶᠢᠭᠰᠠᠨ᠂ ᠲᠠᠬᠢᠵᠤ ᠰᠢᠲᠦᠵᠤ ᠴᠤ ᠪᠠᠶᠢᠨᠰᠠᠨ᠂ ᠮᠤᠩᠭᠤᠯ ᠬᠦᠮᠦᠨ ᠭᠡᠷᠯᠡᠬᠦ ᠳᠡᠭᠡᠨ ᠭᠠᠯ ᠳᠠᠭᠠᠨ ᠮᠦᠷᠭᠦᠳᠡᠭ᠂ ᠠᠶᠢᠯ ᠤᠨ ᠤᠳᠬᠤᠨ ᠬᠦᠦ ᠭᠠᠯ ᠭᠤᠯᠤᠮᠳᠠ ᠪᠠᠨ ᠵᠠᠯᠭᠠᠮᠵᠢᠯᠠᠳᠠᠭ ᠨᠢ ᠡᠷᠲᠡᠨ ᠤ ᠵᠠᠩᠰᠢᠯ ᠶᠤᠮ᠃      ᠬᠦᠮᠦᠨ ᠨᠠᠰᠤ ᠪᠠᠷᠠᠬᠤ ᠳᠤ ᠭᠠᠯ ᠭᠤᠯᠤᠮᠳᠠ ᠪᠠᠨ ᠠᠷᠢᠭᠤᠳᠬᠠᠵᠤ ᠭᠠᠯ ᠳᠠᠭᠠᠨ ᠠᠷᠢᠬᠢ ᠰᠠᠴᠤᠵᠤ ᠶᠡᠭᠡ ᠭᠠᠯ ᠲᠦᠯᠡᠳᠡᠭ᠃ ᠪᠦᠬᠦ ᠡᠳ᠋ ᠬᠤᠭᠰᠢᠯ ᠢᠶᠠᠨ ᠠᠷᠢᠭᠤᠳᠬᠠᠵᠤ᠂ ᠨᠠᠰᠤ ᠪᠠᠷᠠᠭᠰᠠᠨ ᠬᠦᠮᠦᠨ ᠢ ᠤᠷᠤᠰᠢᠭᠤᠯᠤᠭᠠᠳ ᠢᠷᠡᠭᠰᠡᠨ ᠬᠦᠮᠦᠨ ᠪᠠ ᠤᠨᠤᠯᠭ᠎ᠠ ᠶᠢ ᠬᠤᠶᠠᠷ ᠭᠠᠯ ᠤᠨ ᠬᠤᠭᠤᠷᠤᠨᠳᠤᠭᠤᠷ ᠶᠠᠪᠤᠭᠤᠯᠵᠤ ᠤᠷᠤᠭᠤᠯᠳᠠᠭ ᠶᠤᠰᠤ ᠲᠠᠢ ᠪᠠᠶᠢᠵᠠᠢ᠃      ᠳᠡᠭᠡᠷ᠎ᠡ ᠦᠶ᠎ᠡ ᠳᠤ ᠮᠤᠩᠭᠤᠯ ᠬᠦᠮᠦᠨ ᠭᠠᠯ ᠢᠶᠠᠨ ᠳᠠᠬᠢᠬᠤ ᠳᠠᠭᠠᠨ ᠪᠦᠬᠡ ᠢᠲᠤᠭᠠᠨ ᠢᠶᠠᠷ ᠪᠦᠬᠡᠯᠡᠳᠡᠭ ᠪᠠᠶᠢᠭᠰᠠᠨ ᠪᠤᠯ ᠤᠳᠤ ᠦᠶ᠎ᠡ ᠳᠤ ᠭᠤᠤᠯᠳᠠᠭᠤ ᠯᠠᠮᠠ ᠬᠦᠮᠦᠨ ᠢ ᠵᠠᠯᠠᠳᠠᠭ ᠪᠤᠯᠵᠠᠢ᠃      ᠭᠠᠯ ᠳᠠᠬᠢᠯᠲᠠ ᠳᠤ ᠪᠦᠬᠡ᠂ ᠢᠲᠤᠭᠠᠨ ᠤ ᠳᠠᠭᠤᠳᠠᠯᠭ᠎ᠠ ᠯᠠᠮᠠ ᠨᠠᠷ ᠤᠨ ᠤᠩᠰᠢᠯᠭ᠎ᠠ ᠬᠤᠶᠠᠷ ᠠᠭᠤᠯᠭ᠎ᠠ ᠎ ᠪᠠᠷ ᠦᠭᠡᠷ᠎ᠡ ᠪᠠᠶᠢᠳᠠᠭ᠃      ᠭᠠᠯ ᠤᠨ ᠬᠠᠭᠠᠨ ᠳᠤ ᠵᠤᠷᠢᠭᠤᠯᠵᠤ ᠰᠦᠮᠪᠦᠷ ᠠᠭᠤᠯᠠ ᠲᠡᠳᠦᠢ ᠢᠳᠡᠭᠡ ᠶᠢ ᠰᠦᠨ ᠳᠠᠯᠠᠢ ᠶᠢᠨ ᠲᠡᠳᠦᠢ ᠤᠮᠳᠠ ᠪᠠᠷ ᠰᠦᠷᠲᠦ ᠭᠠᠯ ᠤᠨ ᠬᠠᠭᠠᠨ ᠲᠠᠨ ᠳᠤ ᠡᠷᠭᠦᠶ᠎ᠡ ᠭᠡᠵᠤ ᠭᠠᠯ ᠳᠠᠬᠢᠬᠤ ᠳᠤ ᠬᠡᠯᠡᠳᠡᠭ ᠠᠵᠠᠢ᠃      ᠬᠠᠭᠠᠳ᠂ ᠨᠤᠶᠠᠳ᠂ ᠪᠠᠶᠠᠨ ᠠᠶᠢᠯ ᠤᠨ ᠭᠠᠯ ᠳᠠᠬᠢᠯᠭ᠎ᠠ ᠳᠤ ᠤᠩᠰᠢᠬᠤ ᠤᠩᠰᠢᠯᠭ᠎ᠠ ᠳᠠᠭᠤᠳᠠᠯᠭ᠎ᠠ ᠦᠭᠡᠷ᠎ᠡ ᠤᠨᠳᠤᠤ ᠪᠠᠶᠢᠳᠠᠭ᠃ ᠵᠢᠱᠢᠶᠡᠯᠡᠪᠡᠯ᠄      ᠤᠳᠤᠨ ᠠᠴᠠ ᠤᠯᠠᠨ ᠮᠠᠯ ᠲᠠᠢ ᠪᠤᠯᠲᠤᠭᠠᠢ︕      ᠠᠭᠤᠯᠠ ᠠᠴᠠ ᠶᠡᠭᠡ ᠴᠠᠭᠠᠨ ᠭᠡᠷ ᠲᠠᠢ ᠪᠤᠯᠲᠤᠭᠠᠢ︕      ᠲᠦᠷᠦᠭᠰᠡᠨ ᠪᠡᠶ᠎ᠡ ᠴᠢᠨᠢ ᠮᠦᠩᠬᠡ ᠵᠢᠷᠭᠠᠬᠤ ᠪᠤᠯᠲᠤᠭᠠᠢ︕      ᠲᠦᠷᠦ ᠶᠢ ᠡᠵᠡᠯᠡᠬᠦ ᠨᠢᠭᠡᠨ ᠬᠦᠪᠡᠭᠦᠨ ᠲᠠᠢ ᠪᠤᠯᠲᠤᠭᠠᠢ︕ ᠭᠡᠵᠤ ᠪᠠᠶᠠᠨ ᠠᠶᠢᠯ ᠤᠨ ᠭᠠᠯ ᠳᠠᠬᠢᠯᠭᠠᠨ ᠳᠤ ᠤᠩᠰᠢᠬᠤ ᠨᠤᠮ ᠳᠤ ᠪᠠᠶᠢᠳᠠᠭ ᠪᠤᠯ ᠶᠠᠳᠠᠭᠤ ᠠᠶᠢᠯ ᠳᠤ ᠢᠷᠡᠵᠤ ᠪᠦᠬᠡᠯᠡᠬᠦ ᠳᠡᠭᠡᠨ᠄      ᠨᠠᠭᠤᠷ ᠲᠤ ᠵᠤᠭᠰᠤᠬᠤ ᠤᠯᠠᠨ ᠠᠳᠤᠭᠤ ᠲᠠᠢ ᠪᠤᠯᠭ᠎ᠠ ᠴᠢ︕      ᠨᠤᠶᠠᠳ ᠬᠦᠮᠦᠨ ᠢ ᠳᠠᠭᠠᠬᠤ ᠭᠠᠬᠢᠶ᠎ᠠ ᠬᠦᠪᠡᠭᠦᠨ ᠲᠠᠢ ᠪᠤᠯᠭ᠎ᠠ ᠴᠢ︕      ᠵᠠᠳᠠᠭᠠᠢ ᠳᠤ ᠤᠯᠠᠨ ᠬᠤᠨᠢ ᠲᠠᠢ ᠪᠤᠯᠭ᠎ᠠ ᠴᠢ︕      ᠵᠠᠩ ᠰᠠᠶᠢᠲᠠᠢ ᠦᠬᠢᠨ ᠳᠤ ᠦᠷ᠎ᠡ ᠲᠠᠢ ᠪᠤᠯᠭ᠎ᠠ ᠴᠢ︕ ᠭᠡᠳᠡᠭ ᠪᠠᠶᠢᠨ᠎ᠠ᠃      ᠮᠤᠩᠭᠤᠯᠴᠤᠳ ᠭᠠᠯ ᠤᠨ ᠪᠤᠷᠬᠠᠨ ᠢ ᠭᠠᠯ ᠤᠨ ᠲᠦᠯᠡᠲᠤ᠂ ᠭᠤᠷᠪᠠᠨ ᠨᠠᠰᠤᠲᠠᠢ ᠬᠡᠦᠬᠡᠳ ᠤᠨ ᠲᠦᠷᠦᠬᠦ ᠎ ᠪᠠᠷ ᠰᠠᠭᠤᠵᠤ ᠪᠠᠶᠢᠳᠠᠭ ᠭᠡᠵᠤ ᠶᠠᠷᠢᠳᠠᠭ᠃      ᠭᠠᠯ ᠳᠤ ᠬᠤᠶᠠᠷ ᠶᠠᠩᠵᠤ ᠶᠢᠨ ᠳᠠᠬᠢᠯᠭ᠎ᠠ ᠪᠠᠶᠢᠵᠠᠢ᠃ ᠪᠠᠶᠢᠩᠭᠤ ᠶᠢᠨ ᠳᠠᠬᠢᠯᠭ᠎ᠠ —— ᠭᠠᠯ ᠳᠤ ᠳᠡᠭᠡᠵᠢ ᠡᠷᠭᠦᠬᠦ᠂ ᠶᠡᠭᠡ ᠳᠠᠬᠢᠯᠭ᠎ᠠ—— ᠵᠢᠯ ᠳᠤ ᠭᠠᠭᠴᠠ ᠤᠳᠠᠭ᠎ᠠ ᠪᠤᠯᠳᠠᠭ᠂ ᠲᠤᠰᠬᠠᠢ ᠪᠡᠯᠡᠳᠭᠡᠵᠤ ᠬᠢᠳᠡᠭ      ᠵᠢᠯ ᠤᠨ ᠡᠴᠦᠰ ᠤᠨ ᠬᠦᠬᠡᠭᠡ ᠰᠠᠷ᠎ᠠ ᠶᠢᠨ ︿12 ᠳ᠋ᠤᠭᠠᠷ ᠰᠠᠷ᠎ᠠ﹀ ᠪᠢᠯᠢᠭ ᠤᠨ ᠲᠤᠭᠠᠯᠠᠯ ᠤᠨ23—24 ᠎ ᠳᠤ ᠪᠤᠯᠳᠠᠭ᠃ ᠭᠠᠯ ᠤᠨ ᠪᠤᠷᠬᠠᠨ ᠪᠤᠶᠤ ᠲᠡᠭᠷᠢ ᠭᠡᠵᠤ ᠪᠠᠶᠢᠳᠠᠭ᠃ ᠭᠠᠯ ᠤᠨ ᠲᠡᠭᠷᠢ ᠶᠢ ᠳᠡᠭᠡᠲᠦ ᠲᠡᠭᠷᠢ ᠶᠢᠨ ᠬᠦᠦ ᠭᠡᠵᠤ ᠦᠵᠡᠳᠡᠭ᠃ ᠵᠢᠯ ᠳᠤ ᠨᠢᠭᠡ ᠤᠳᠠᠭ᠎ᠠ ᠲᠡᠷᠡ ᠬᠦᠦ ᠠᠪᠤ ᠡᠵᠢ ᠳᠡᠭᠡᠨ ᠵᠤᠯᠭᠠᠳᠠᠭ ᠭᠡᠨ᠎ᠡ᠃ ᠵᠤᠯᠭᠠᠬᠤ ᠪᠠᠷ ᠶᠠᠪᠤᠳᠠᠭ ᠡᠳᠦᠷ ᠨᠢ23᠎ ᠳᠤ᠂ ᠢᠷᠡᠳᠡᠭ ᠡᠳᠦᠷ ᠨᠢ24  ᠪᠤᠯᠤᠨ᠎ᠠ᠃23᠎ ᠤ ᠳᠠᠬᠢᠯᠭ᠎ᠠ ᠶᠢ ᠦᠳᠡᠰᠢ ᠶᠢᠨ ᠴᠦᠯᠳᠡᠭᠡᠷ ᠢᠶᠠᠷ ᠡᠬᠢᠯᠡᠳᠡᠭ᠂24᠎ ᠤ ᠦᠤᠷ ᠤᠨ ᠴᠤᠯᠮᠤᠨ ᠢᠶᠠᠷ ᠳᠠᠬᠢᠳᠠᠭ᠃ ᠡᠭᠦᠨ ᠤ ᠨᠢᠭᠡ ᠨᠢ ᠦᠳᠡᠯᠲᠡ᠂ ᠨᠦᠭᠦᠭᠡ ᠨᠢᠭᠡ ᠨᠢ ᠤᠭᠳᠤᠯᠲᠠ ᠶᠢᠨ ᠳᠠᠬᠢᠯᠭ᠎ᠠ ᠶᠤᠮ᠃      ᠭᠠᠯ ᠤᠨ ᠳᠠᠬᠢᠯᠭ᠎ᠠ ᠶᠢᠨ ᠰᠤᠳᠤᠷ ᠲᠤ ᠪᠤᠭᠳᠠ ᠴᠢᠩᠭᠢᠰ ᠬᠠᠭᠠᠨ᠂ ᠪᠦᠷᠳᠡ ᠬᠠᠲᠤᠨ ᠲᠠᠢ ᠪᠠᠨ ᠬᠦᠬᠡᠬᠡ ᠰᠠᠷ᠎ᠠ ᠶᠢᠨ23᠎ ᠳᠤ ᠬᠤᠷᠢᠮᠯᠠᠵᠠᠢ᠂ ᠲᠡᠶᠢᠮᠤ ᠠᠴᠠ 13 ᠳ᠋ᠤᠭᠠᠷ ᠵᠠᠭᠤᠨ ᠠᠴᠠ ᠬᠤᠶᠢᠰᠢ23᠎ ᠤ ᠳᠠᠬᠢᠯᠭ᠎ᠠ ᠶᠢ ᠳᠠᠬᠢᠵᠤ᠂ ᠨᠠᠷᠠᠨ ᠤ ᠳᠠᠬᠢᠯᠭ᠎ᠠ ᠭᠡᠵᠤ24᠎ ᠤ ᠳᠠᠬᠢᠯᠭ᠎ᠠ ᠶᠢ ᠬᠠᠷᠠᠴᠤ ᠨᠠᠷ ᠤᠨ ᠳᠠᠬᠢᠯᠭ᠎ᠠ ᠭᠡᠵᠤ ᠢᠯᠭᠠᠳᠠᠭ ᠪᠠᠶᠢᠵᠠᠢ᠃      ᠭᠠᠯ ᠤᠨ ᠲᠡᠭᠷᠢ ᠪᠠᠶᠢᠳᠠᠭ ᠭᠡᠵᠤ ᠮᠤᠩᠭᠤᠯᠴᠤᠳ ᠦᠵᠡᠳᠡᠭ᠂ ᠶᠠᠷᠢᠳᠠᠭ ᠪᠤᠯᠪᠠᠴᠤ ᠲᠦᠷᠰᠤ ᠭᠡᠵᠤ ᠪᠠᠶᠢᠳᠠᠭ ᠦᠭᠡᠢ᠂ ᠭᠠᠯ ᠤᠨ ᠲᠡᠭᠷᠢ ᠬᠦᠮᠦᠨ ᠤ ᠨᠢᠳᠦᠨ ᠳᠤ ᠦᠵᠡᠭᠳᠡᠳᠡᠭ ᠦᠭᠡᠢ᠂ ᠭᠠᠯ ᠳᠤᠲᠤᠷ᠎ᠠ ᠪᠠᠨ ᠪᠠᠶᠢᠳᠠᠭ ᠵᠦᠢᠯ ᠭᠡᠵᠤ ᠦᠵᠡᠳᠡᠭ᠃ ᠭᠡᠪᠡᠴᠤ ᠮᠤᠩᠭᠤᠯ ᠳᠤ ᠱᠠᠰᠢᠨ ᠳᠡᠯᠭᠡᠷᠡᠭᠰᠡᠨ ᠠᠴᠠ ᠬᠤᠶᠢᠰᠢ ᠪᠦᠬᠡ ᠢᠲᠤᠭᠠᠨ᠂ ᠯᠠᠮᠠ ᠨᠠᠷ ᠢᠯᠭᠠᠯ ᠦᠭᠡᠢ᠂ ᠭᠠᠯ ᠤᠨ ᠲᠡᠷᠢ ᠶᠢ ᠲᠦᠷᠰᠦᠯᠡᠵᠤ ᠡᠬᠢᠯᠡᠭᠰᠡᠨ᠂ ᠢᠯᠠᠩᠭᠤᠶ᠎ᠠ ᠰᠠᠷ᠎ᠠ ᠶᠢᠨ ᠪᠦᠬᠡ ᠨᠠᠷ ᠭᠠᠯ ᠤᠨ ᠶᠢᠰᠤᠨ ᠲᠡᠭᠷᠢ ᠪᠤᠢ ᠭᠡᠵᠤ ᠦᠵᠡᠳᠡᠭ ᠪᠤᠯᠤᠭᠰᠠᠨ ᠪᠠᠶᠢᠨ᠎ᠠ᠃      ᠭᠠᠯ ᠭᠤᠯᠤᠮᠲᠠ ᠶᠢᠨ ᠤᠶᠢᠷ᠎ᠠ ᠡᠬᠡ ᠬᠦᠮᠦᠨ ᠲᠦᠷᠦᠳᠡᠭ ᠦᠭᠡᠢ᠂ ᠲᠤᠰᠠᠭᠠᠷᠯᠠᠵᠤ ᠪᠠᠶᠢᠵᠤ ᠲᠦᠷᠦᠭᠦᠯᠦᠭᠡᠳ7᠂ 9᠂ 21 ᠬᠤᠨᠤᠭ ᠳᠡᠭᠡᠷ᠎ᠡ ᠶᠤᠰᠤ ᠲᠦᠷᠦ ᠲᠠᠢ ᠭᠡᠷ ᠲᠤᠨᠢ ᠤᠷᠤᠭᠤᠯᠵᠤ ᠢᠷᠡᠳᠡᠭ᠃      ᠭᠠᠯ ᠭᠤᠯᠤᠮᠳᠠ ᠶᠢᠨ ᠴᠡᠭᠡᠷ ᠶᠤᠰᠤᠨ ᠠᠴᠠ—— ᠬᠢᠲᠤᠭ᠎ᠠ ᠶᠢ ᠢᠷ ᠢᠶᠠᠷ ᠨᠢ ᠭᠠᠯ ᠳᠤ ᠬᠦᠷᠭᠡᠬᠦ᠂ ᠮᠦᠨ ᠲᠡᠭᠦᠨᠴᠢᠯᠡᠨ ᠬᠢᠲᠤᠭ᠎ᠠ ᠪᠠᠷ ᠲᠤᠭᠤᠭᠠᠨ ᠳᠤᠲᠤᠷ᠎ᠠ ᠠᠴᠠ ᠮᠢᠬ᠎ᠠ ᠠᠪᠬᠤ ᠪᠤᠶᠤ ᠲᠤᠭᠤᠭᠠᠨ ᠳᠤ ᠮᠢᠬ᠎ᠠ ᠡᠷᠬᠢᠭᠦᠯᠬᠦ ᠮᠡᠲᠦ ᠶᠢ ᠪᠦᠷ ᠴᠡᠭᠡᠷᠯᠡᠳᠡᠭ᠃ ᠡᠭᠦᠨ ᠠᠴᠠ ᠭᠠᠳᠠᠨ᠎ᠠ ᠠᠷᠭᠠᠯ ᠰᠠᠪᠠ ᠳᠡᠭᠡᠷ᠎ᠡ ᠰᠠᠨᠳᠠᠶᠢᠯᠠᠵᠤ ᠰᠠᠭᠤᠬᠤ᠂ ᠭᠠᠯ ᠤᠨ ᠬᠠᠶᠢᠴᠢ ᠶᠢ ᠭᠢᠰᠭᠢᠬᠦ᠂ ᠤᠤᠷ ᠰᠦᠬᠡ ᠳᠡᠭᠡᠭᠦᠷ ᠬᠤᠷᠮᠤᠢ ᠬᠤᠳᠠ ᠪᠠᠨ ᠭᠠᠷᠭᠠᠬᠤ ᠶᠢ ᠮᠦᠨ ᠴᠡᠭᠡᠷᠯᠡᠨ᠎ᠡ᠃ ᠢᠩᠭᠢᠵᠤ ᠴᠡᠭᠡᠷᠯᠡᠳᠡᠭ ᠤᠨ ᠤᠴᠢᠷ ᠨᠢ ᠡᠳᠡᠭᠡᠷ ᠪᠠᠭᠠᠵᠢ ᠬᠡᠷᠡᠭᠰᠡᠯ ᠪᠤᠯᠤᠨ ᠠᠵᠢᠯᠯᠠᠭ᠎ᠠ ᠨᠢ ᠭᠠᠯ ᠪᠠ ᠭᠤᠯᠤᠮᠳᠠ ᠎ ᠲᠠᠢ ᠬᠤᠯᠪᠤᠭᠳᠠᠵᠤ ᠪᠠᠶᠢᠳᠠᠭ ᠲᠤ ᠤᠷᠤᠰᠢᠨ᠎ᠠ᠃      ᠭᠠᠯ ᠭᠤᠯᠤᠮᠳᠠ ᠦᠭᠡᠳᠡ ᠬᠠᠷ᠎ᠠ ᠤᠰᠤ ᠰᠠᠴᠤᠬᠤ᠂ ᠨᠢᠯᠪᠤᠬᠤ᠂ ᠪᠤᠵᠠᠷ ᠶᠠᠭᠤᠮ᠎ᠠ ᠬᠠᠶᠠᠬᠤ ᠶᠢ ᠴᠡᠭᠡᠷᠯᠡᠳᠡᠭ ᠃ ᠬᠤᠷᠠᠭ᠎ᠠ ᠬᠦᠩᠭᠡᠯᠡᠬᠦ ᠳᠤ ᠬᠤᠰᠤᠨ ᠪᠠᠭᠠᠨ᠎ᠠ ᠳᠡᠷᠭᠡᠳᠡ ᠪᠠᠨ ᠳᠠᠯᠪᠢᠳᠠᠭ᠂ ᠡᠨᠡ ᠨᠢ ᠭᠡᠷ ᠤᠨ ᠭᠠᠯ ᠭᠤᠯᠤᠮᠲᠠ ᠎ ᠶᠢ ᠪᠡᠯᠭᠡᠳᠡᠵᠤ ᠪᠤᠢ ᠬᠡᠷᠡᠭ᠃      ᠭᠠᠯ ᠭᠤᠯᠤᠮᠲᠠ ᠶᠢ ᠤᠤᠭᠠᠨ ᠬᠦᠦ ᠵᠠᠯᠭᠠᠵᠤ ᠠᠪᠳᠠᠭ᠃ ᠬᠦᠦ ᠦᠭᠡᠢ ᠪᠤᠯ ᠠᠴᠢ ᠨᠢ ᠵᠠᠯᠭᠠᠮᠵᠢᠯᠠᠨ᠎ᠠ᠃ ᠠᠴᠢ ᠦᠭᠡᠢ ᠪᠤᠯ ᠭᠠᠯ ᠳᠡᠭᠡᠷ᠎ᠡ ᠭᠠᠷᠤᠭᠰᠠᠨ ᠵᠢᠭᠡ ᠨᠢ ᠭᠠᠯ ᠭᠤᠯᠤᠮᠲᠠ ᠶᠢ  ᠬᠠᠳᠠᠭᠠᠯᠠᠬᠤ ᠶᠤᠰᠤᠲᠠᠢ᠃      ᠮᠤᠩᠭᠤᠯ ᠬᠦᠮᠦᠨ ᠠᠶᠢᠯ ᠳᠤ ᠤᠴᠢᠪᠠᠯ ᠲᠡᠷᠡ ᠠᠶᠢᠯ ᠤᠨ ᠢᠵᠠᠭᠤᠷ ᠳᠡᠭᠡᠳᠦᠰ᠂ ᠭᠡᠷ ᠤᠨ ᠡᠵᠡᠨ ᠢ ᠬᠦᠨᠳᠦᠳᠭᠡᠨ ᠦᠵᠡᠵᠤ᠂ ᠭᠠᠯ ᠭᠤᠯᠤᠮᠲᠠ ᠶᠢᠨ ᠬᠢᠨᠢ ᠴᠡᠭᠡᠷ ᠶᠤᠰᠤ ᠶᠢ ᠨᠠᠨᠳᠢᠩᠨᠠᠨ ᠰᠠᠬᠢᠵᠤ᠂ ᠦᠷ᠎ᠡ ᠬᠡᠦᠬᠡᠳ ᠎ ᠲᠡᠭᠡᠨ ᠴᠤ ᠴᠠᠭ ᠦᠷᠭᠦᠯᠵᠢ ᠤᠳᠤᠮ ᠤᠭᠰᠠᠭᠠᠨ ᠤ ᠬᠢ  ᠎ ᠪᠠᠨ ᠶᠤᠰᠤ ᠰᠤᠷᠲᠠᠯ ᠢ ᠰᠤᠷᠭᠠᠵᠤ‌‍ᠬᠦ᠋ᠮᠦᠵᠢᠬᠦᠯᠦᠭᠰᠡᠭᠡᠷ ᠪᠠᠶᠢᠳᠠᠭ᠃      ︽ᠮᠤᠩᠭᠤᠯ ᠭᠡᠷ ᠪᠦᠯᠢ ᠶᠢᠨ ᠶᠤᠰᠤ ᠤᠯᠠᠮᠵᠢᠯᠠᠯ︾ ᠵᠤᠬᠢᠶᠠᠭᠴᠢ᠄ ᠲ᠊᠂ ᠨᠠᠮᠵᠢᠯ ︿ᠮᠤᠩᠭᠤᠯ﹀            ᠪᠠᠭᠤᠯᠭᠠᠭᠴᠢ᠄ ᠭᠤ᠂ ᠴᠤᠭᠲᠤ
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号