ᠶᠢᠰᠦᠨ ᠬᠦᠰᠡᠯ
ᠨᠡᠶᠢᠲᠡᠯᠡᠭᠰᠡᠨ ᠴᠠᠭ᠄
2019-03-11
     ᠶᠢᠰᠦᠨ ᠬᠦᠰᠡᠯ      ᠮᠣᠩᠭᠤᠯᠴᠤᠳ ᠶᠢᠰᠦ ᠶᠢ ᠡᠷᠲᠡᠨ ᠠᠴᠠ ᠨᠠᠭᠠᠰᠢ ᠥᠯᠵᠡᠢ ᠪᠡᠯᠭᠡ ᠶᠢᠨ ᠲᠤᠭ᠎ᠠ ᠭᠡᠵᠤ ᠢᠷᠡᠭᠰᠡᠨ ᠶᠤᠮ᠃      1. ᠮᠥᠩᠬᠡ ᠶᠢᠨ ᠬᠦᠰᠡᠯ — ᠮᠣᠩᠭᠤᠯ ᠬᠥᠮᠥᠨ ᠤ ᠣᠶᠣᠨ ᠰᠠᠨᠠᠭᠠᠨ ᠳᠤ ᠮᠠᠰᠢ ᠡᠷᠲᠡᠨ ᠠᠴᠠ ᠮᠥᠩᠬᠡ ᠎ ᠶᠢᠨ ᠰᠡᠳᠬᠢᠯᠭᠡ ᠲᠣᠰᠣᠭᠰᠠᠨ ᠶᠤᠮ᠃ ᠡᠩᠬᠡ ᠵᠢᠷᠭᠠᠯ ᠲᠠᠢ ᠮᠥᠩᠬᠡ ᠲᠠᠢ ᠦᠬᠦᠰᠢ ᠦᠭᠡᠢ ᠮᠥᠩᠬᠡ ᠪᠠᠶᠢᠬᠤ ᠶᠢᠨ ᠬᠦᠰᠡᠯ ᠲᠠᠢ᠃      2. ᠵᠢᠷᠭᠠᠯ ᠤᠨ ᠬᠦᠰᠡᠯ — ᠠᠮᠢᠳᠤ ᠶᠢᠨ ᠵᠢᠷᠭᠠᠯ ᠭᠡᠳᠡᠭ᠃ ᠵᠢᠷᠭᠠᠯ ᠤᠨ ᠳᠡᠭᠡᠳᠦ ᠨᠢ ᠰᠡᠳᠬᠢᠯ ᠤᠨ ᠵᠢᠷᠭᠠᠯ᠂ ᠵᠢᠷᠭᠠᠯ ᠠᠴᠠ ᠰᠠᠶᠢᠬᠠᠨ ᠶᠠᠭᠤᠮ᠎ᠠ ᠦᠭᠡᠢ᠃ ᠥᠰᠬᠦ ᠨᠠᠰᠤᠨ ᠤ ᠵᠢᠷᠭᠠᠯ ᠢ ᠵᠢᠷᠭᠠᠯ ᠭᠡᠵᠤ ᠪᠦᠦ ᠪᠣᠳᠣ᠃      3. ᠦᠷ᠎ᠡ ᠶᠢᠨ ᠬᠦᠰᠡᠯ — ᠠᠶᠢᠯ ᠭᠡᠷ ᠤᠨ ᠪᠠᠳᠠᠷᠠᠨ ᠳᠡᠭᠵᠢᠬᠦ ᠶᠢᠨ ᠡᠬᠢ ᠪᠣᠯ ᠭᠠᠯ ᠭᠤᠯᠣᠮᠲᠠ ᠪᠠᠨ ᠰᠠᠬᠢᠵᠤ ᠭᠠᠯ ᠢᠶᠠᠨ ᠪᠠᠳᠠᠷᠠᠭᠠᠬᠤ ᠭᠡᠷ ᠢᠶᠠᠨ ᠵᠠᠰᠠᠬᠤ ᠦᠷ᠎ᠡ ᠬᠡᠦᠬᠡᠳ ᠶᠤᠮ᠃ ᠡᠶᠢᠮᠦ ᠤᠴᠢᠷ ᠠᠴᠠ ᠮᠣᠩᠭᠤᠯᠴᠤᠳ ︽ᠦᠷ᠎ᠡ ᠶᠢᠨ ᠪᠤᠶᠠᠨ︾ ᠭᠡᠵᠤ ᠦᠷ᠎ᠡ ᠬᠡᠦᠬᠡᠳ ᠢ ᠮᠥᠷᠥᠭᠡᠳᠴᠦ ᠪᠠᠶᠢᠳᠠᠭ᠃ ᠦᠷ᠎ᠡ ᠲᠠᠢ ᠬᠥᠮᠥᠨ ᠤ ᠡᠪᠦᠷ ᠳᠤᠯᠠᠭᠠᠨ᠂ ᠦᠷ᠎ᠡ  ᠦᠭᠡᠢ ᠬᠥᠮᠥᠨ ᠤ ᠡᠪᠦᠷ ᠬᠦᠢᠲᠡᠨ᠂ ᠦᠷ᠎ᠡ ᠲᠠᠢ ᠬᠥᠮᠥᠨ ᠤ ᠡᠪᠦᠷ ᠨᠣᠶᠢᠲᠠᠨ᠂ ᠦᠷ᠎ᠡ ᠦᠭᠡᠢ ᠬᠥᠮᠥᠨ ᠤ ᠨᠢᠳᠦ ᠨᠣᠶᠢᠲᠠᠨ ᠭᠡᠳᠡᠭ᠃      4. ᠡᠷᠳᠡᠮ ᠤᠨ ᠬᠦᠰᠡᠯ — ᠡᠷᠳᠡᠮ ᠪᠣᠯ ᠭᠤᠷᠪᠠᠨ ᠪᠠᠶᠠᠨ ᠤ ᠳᠡᠭᠡᠳᠦ ᠳᠤ ᠣᠷᠣᠳᠠᠭ᠃ ᠬᠥᠮᠥᠨ ᠤ ᠣᠶᠣᠨ ᠤᠬᠠᠭᠠᠨ ᠨᠢ ᠬᠠᠮᠤᠭ ᠢ ᠪᠦᠲᠦᠭᠡᠵᠦ ᠪᠣᠯᠬᠤ ᠳᠤ ᠣᠷᠣᠰᠢᠵᠤ ᠪᠠᠶᠢᠨ᠎ᠠ᠃ ᠮᠣᠩᠭᠤᠯ ᠬᠥᠮᠥᠨ ︽ᠡᠷᠳᠡᠮ ᠎ ᠤᠨ ᠬᠦᠰᠡᠯ︾᠎ ᠢ ︽ᠨᠣᠮ ᠤᠨ ᠡᠷᠳᠡᠮ︾᠂ ︽ᠤᠷᠠᠯᠠᠬᠤ ᠡᠷᠳᠡᠮ︾᠂ ︽ᠪᠦᠲᠦᠭᠡᠬᠦ ᠡᠷᠳᠡᠮ︾ ᠭᠡᠵᠤ ᠦᠵᠡᠳᠡᠭ ᠃ ᠡᠷᠳᠡᠮᠲᠡᠨ ᠬᠥᠮᠥᠨ ᠳᠠᠯᠠᠢ᠂ ᠡᠷᠳᠡᠮ ᠦᠭᠡᠢ ᠬᠥᠮᠥᠨ ᠪᠠᠯᠠᠢ᠃      5. ᠡᠷᠡᠭᠦᠯ ᠤᠨ ᠬᠦᠰᠡᠯ — ᠮᠣᠩᠭᠤᠯ ᠬᠥᠮᠥᠨ ᠤ ᠬᠡᠯᠡᠳᠡᠭ ︽ᠠᠮᠢᠳᠤ ᠶᠢᠨ ᠵᠢᠷᠭᠠᠯ︾ ᠭᠡᠳᠡᠭ ᠨᠢ ᠡᠷᠡᠭᠦᠯ ᠤᠨ ᠬᠦᠰᠡᠯ ᠶᠤᠮ᠃ ᠠᠮᠢᠳᠤ ᠶᠠᠪᠤᠪᠠᠯ ᠠᠷᠭ᠎ᠠ ᠨᠢ ᠣᠯᠳᠠᠨ᠎ᠠ᠃ ᠠᠮᠢᠳᠤ ᠶᠠᠪᠤᠭᠰᠠᠨ ᠬᠥᠮᠥᠨ ᠠᠯᠲᠠᠨ ᠠᠶᠠᠭᠠᠨ ᠠᠴᠠ ᠤᠰᠤ ᠤᠤᠭᠤᠨ᠎ᠠ᠃ ᠡᠷᠡᠭᠦᠯ ᠶᠠᠪᠤᠪᠠᠯ ᠡᠷᠳᠡᠨᠢ ᠴᠦ ᠣᠯᠣᠨ᠎ᠠ᠂ ᠰᠠᠷᠠᠭᠤᠯ ᠶᠠᠪᠤᠪᠠᠯ ᠰᠤᠪᠤᠳ ᠴᠦ ᠣᠯᠣᠨ᠎ᠠ᠃      6. ᠡᠨᠡᠷᠢᠯ ᠤᠨ ᠬᠦᠰᠡᠯ — ᠮᠣᠩᠭᠤᠯ ᠬᠥᠮᠥᠨ ᠤ ᠰᠡᠳᠬᠢᠯᠭᠡᠨ ᠳᠤ ︽ᠰᠠᠶᠢᠨ ᠰᠠᠨᠠᠭ᠎ᠠ︾ ᠭᠡᠵᠤ ᠪᠠᠶᠢᠳᠠᠭ᠃ ᠡᠨᠡ ᠨᠢ ᠥᠷᠭᠡᠨ ᠣᠶᠢᠯᠠᠭᠠᠯᠲᠠ ᠪᠠ ᠬᠥᠮᠥᠨ ᠬᠥᠮᠥᠨ ᠳᠡᠭᠡᠨ ᠨᠥᠬᠦᠷ ᠪᠣᠯᠵᠤ ᠲᠡᠭᠦᠨ ᠢ ᠪᠠᠨ ᠡᠨᠡᠷᠢᠨ ᠬᠠᠶᠢᠷᠠᠯᠠᠬᠤ ᠨᠢᠭᠦᠯᠡᠰᠦᠩᠭᠦᠢ ᠰᠡᠳᠬᠢᠯ ᠢᠶᠠᠷ ᠡᠯᠪᠡᠷᠢᠬᠦ ᠤᠬᠠᠭᠠᠨ ᠶᠤᠮ᠃ ᠡᠯᠪᠡᠷᠢᠯ ᠡᠯᠢᠭᠡᠨ ᠳᠡᠭᠡᠨ ︽ᠰᠡᠳᠬᠢᠯ︾ ᠡᠨᠡᠷᠢᠭᠴᠢ  ᠵᠢᠷᠦᠬᠡᠨ ᠳᠡᠭᠡᠨ᠃      7. ᠡᠪ ᠡᠶ᠎ᠡ ᠶᠢᠨ ᠬᠦᠰᠡᠯ — ᠴᠢᠩᠭᠢᠰ ᠬᠠᠭᠠᠨ ᠤ ᠰᠤᠷᠭᠠᠯ ᠳᠤ ᠡᠷᠳᠡᠮ ᠤᠨ ᠳᠡᠭᠡᠳᠦ ᠡᠪ ᠬᠡᠮᠡᠭᠰᠡᠨ᠂ ᠡᠷᠳᠡᠮ ᠭᠡᠳᠡᠭ ᠨᠢ ᠵᠥᠪᠬᠡᠨ ᠨᠣᠮ ᠪᠢᠴᠢᠭ ᠢ ᠬᠡᠯᠡᠭᠰᠡᠨ ᠪᠢᠰᠢ ᠬᠥᠮᠥᠨ ᠤ ᠣᠶᠣᠨ ᠤᠬᠠᠭᠠᠨ ᠤ ᠳᠡᠭᠡᠳᠦ ᠴᠢᠨᠠᠷ ᠢ ᠬᠡᠯᠡᠵᠡᠢ᠃ ᠲᠡᠷᠡ ᠨᠢ ᠨᠡᠶᠢᠭᠡᠮ ᠤᠨ ᠦᠵᠡᠯ ᠰᠠᠨᠠᠭᠠᠨ ᠤ ᠡᠪ ᠡᠶ᠎ᠡ ᠪᠣᠯᠬᠤ ᠶᠢ ᠬᠡᠯᠡᠪᠡ᠃ ︽ᠡᠪ ᠢᠶᠠᠷ ᠪᠦᠲᠦᠭᠡᠵᠦ ᠡᠩᠬᠡ ᠪᠠᠷ ᠵᠢᠷᠭᠠᠨ᠎ᠠ᠂ ᠡᠪ ᠭᠡᠳᠡᠭ ᠬᠢᠵᠠᠭᠠᠷ ᠦᠭᠡᠢ᠂ ᠡᠷᠳᠡᠮ ᠭᠡᠳᠡᠭ ᠢᠷᠤᠭᠠᠷ ᠦᠭᠡᠢ᠂ ᠲᠥᠷᠥ ᠲᠦᠪᠰᠢᠨ ᠲᠦᠮᠡᠨ ᠠᠮᠤᠭᠤᠯᠠᠩ᠂ ᠡᠪᠯᠡᠭᠦᠯᠪᠡᠯ ᠡᠪᠡᠷ ᠲᠤᠭᠤᠷᠠᠢ ᠬᠤᠶᠠᠷ ᠴᠦ ᠨᠡᠶᠢᠯᠡᠨ᠎ᠡ᠂ ᠡᠪ ᠦᠭᠡᠢ ᠪᠣᠯ ᠡᠯᠢᠭᠡ ᠪᠥᠭᠡᠷ᠎ᠡ ᠬᠤᠶᠠᠷ ᠴᠦ ᠨᠡᠶᠢᠯᠡᠬᠦ ᠦᠭᠡᠢ︾᠃      8. ᠪᠤᠶᠠᠨ ᠤ ᠬᠦᠰᠡᠯ — ᠠᠮᠢᠳᠤᠷᠠᠬᠤᠢ ᠶᠢᠨ ᠶᠣᠰᠣᠨ ᠤ ᠨᠢᠭᠡ ᠵᠦᠢ ᠨᠢ ︽ᠪᠤᠶᠠᠨ︾ ᠭᠡᠵᠤ ᠮᠣᠩᠭᠤᠯ ᠬᠥᠮᠥᠨ ᠪᠢᠰᠢᠷᠡᠵᠦ ᠢᠷᠠᠵᠠᠢ᠃ ᠡᠨᠡ ᠪᠢᠰᠢᠷᠡᠯ ᠢᠶᠠᠷ ᠲᠥᠷᠥᠯᠬᠢ ᠶᠢᠨ ᠵᠠᠶᠠᠭ᠎ᠠ ᠪᠠᠷ ᠡᠳ᠋ᠯᠡᠬᠦ ᠵᠢᠷᠭᠠᠯ᠂ ᠡᠳ᠋ ᠮᠠᠯ ᠢ ᠪᠠᠶᠠᠵᠢᠭᠤᠯᠬᠤ ᠪᠤᠶᠠᠨ ᠭᠡᠵᠤ ᠦᠵᠡᠵᠦ ᠪᠠᠶᠢᠪᠠ᠃ ᠦᠷ᠎ᠡ ᠶᠢᠨ ᠪᠤᠶᠠᠨ ᠲᠠᠢ ᠬᠥᠮᠥᠨ ᠳᠤ ᠦᠷ᠎ᠡ ᠵᠠᠶᠠᠭᠠᠳᠠᠭ᠂ ᠦᠷᠢᠶᠡᠨ ᠤ ᠪᠤᠶᠠᠨ ᠲᠠᠢ ᠬᠥᠮᠥᠨ ᠳᠤ ᠤᠨᠠᠭ᠎ᠠ ᠵᠠᠶᠠᠭᠠᠳᠠᠭ᠃ ᠳᠠᠯᠠᠢ ᠬᠤᠰᠢᠭᠤᠨ ᠤ ᠶᠠᠳᠠᠭᠤ ᠠᠷᠠᠳ10 ᠬᠡᠦᠬᠡᠳ ᠎ ᠲᠠᠢ ᠪᠠᠶᠢᠵᠤ ᠲᠡᠷᠡ ᠨᠤᠲᠤᠭ ᠤᠨ ᠨᠢᠭᠡ ᠪᠠᠶᠠᠨ ᠲᠠᠢ ᠮᠠᠷᠭᠤᠯᠳᠤᠬᠤ ᠳᠠᠭᠠᠨ ᠴᠢᠨᠦ ᠲᠦᠮᠡᠨ ᠠᠳᠤᠭᠤ ᠨᠢᠭᠡ ᠰᠥᠨᠢ ᠎ ᠶᠢᠨ ᠰᠢᠭᠤᠷᠭᠠᠨ ᠳᠤ ᠪᠠᠶᠢᠬᠤ ᠦᠭᠡᠢ ᠪᠣᠯᠬᠤ ᠳᠤ᠂ ᠮᠢᠨᠤ 10 ᠬᠡᠦᠬᠡᠳ10 ᠣᠪᠣᠬᠠᠢ ᠪᠣᠰᠬᠠᠵᠤ᠂10 ᠭᠠᠯ ᠠᠰᠠᠭᠠᠵᠤ᠂10 ᠲᠣᠭᠤᠭ᠎ᠠ ᠴᠠᠢ ᠴᠢᠨᠠᠵᠤ ᠨᠠᠮᠠᠶᠢ ᠴᠠᠶᠢᠯᠠᠨ᠎ᠠ ᠭᠡᠰᠡᠨ ᠨᠢ ᠦᠷ᠎ᠡ ᠲᠠᠢ ᠬᠥᠮᠥᠨ ᠡᠪᠦᠷ ᠳᠦᠭᠦᠷᠡᠩ᠂ ᠦᠷ᠎ᠡ ᠦᠭᠡᠢ ᠬᠥᠮᠥᠨ ᠡᠮᠡᠭᠡᠯ ᠳᠦᠭᠦᠷᠡᠩ ᠭᠡᠰᠡᠨ ᠰᠠᠨᠠᠭ᠎ᠠ ᠶᠢ ᠭᠠᠷᠭᠠᠵᠠᠢ᠃      9. ᠪᠠᠶᠠᠨ ᠤ ᠬᠦᠰᠡᠯ — ᠮᠣᠩᠭᠤᠯᠴᠤᠳ ᠶᠢᠷᠲᠢᠨᠴᠦ ᠶᠢᠨ ᠭᠤᠷᠪᠠᠨ ᠪᠤᠶᠠᠨᠲᠠᠨ ᠡᠷᠳᠡᠮ ᠨᠣᠮ ᠳᠡᠭᠡᠳᠦ ᠪᠠᠶᠠᠨ᠂  ᠦᠷ᠎ᠡ ᠬᠡᠦᠬᠡᠳ ᠳᠤᠮᠳᠠ ᠪᠠᠶᠠᠨ᠂ ᠡᠳ᠋ ᠬᠥᠷᠥᠩᠭᠡ ᠠᠳᠠᠭ ᠤᠨ ᠪᠠᠶᠠᠨ ᠭᠡᠳᠡᠭ᠃ ᠡᠳ᠋ ᠬᠥᠷᠥᠩᠭᠡ ᠮᠠᠯ ᠰᠦᠷᠦᠭ ᠢ ᠪᠠᠶᠠᠨ ᠭᠡᠵᠤ ᠦᠵᠡᠨ᠎ᠡ᠃ ᠪᠠᠶᠠᠨ ᠨᠢᠭᠡ ᠰᠢᠭᠤᠷᠭᠠᠨ ᠳᠤ ᠪᠠᠭᠠᠲᠤᠷ ᠨᠢᠭᠡ ᠰᠤᠮᠤᠨ ᠳᠤ ᠭᠡᠳᠡᠭ᠃ ᠪᠠᠶᠠᠨ ᠭᠡᠭᠴᠢ ᠮᠥᠩᠬᠡ ᠪᠤᠰᠤ᠂ ᠪᠠᠭᠠᠲᠤᠷ ᠭᠡᠭᠴᠢ ᠦᠷᠭᠦᠯᠵᠢ ᠪᠢᠰᠢ᠃ ᠪᠠᠶᠠᠨ ᠬᠥᠮᠥᠨ ᠤ ᠭᠡᠷ ᠲᠤ ᠪᠢᠯᠳᠠᠤᠴᠢ ᠣᠯᠠᠨ ᠴᠤᠭᠯᠠᠨ᠎ᠠ᠃
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号