ᠮᠠᠯ ᠰᠢᠨᠡᠯᠡᠭᠦ ᠶᠤᠰᠤᠨ
ᠨᠡᠶᠢᠲᠡᠯᠡᠭᠰᠡᠨ ᠴᠠᠭ᠄
2019-06-12
     ᠮᠤᠩᠭᠤᠯᠴᠤᠤᠨ ᠲᠠᠪᠤᠨ ᠬᠤᠰᠢᠭᠤ ᠮᠠᠯ ᠢᠶᠠᠨ ᠡᠷᠳᠡᠨᠢ ᠮᠡᠳᠤ ᠬᠠᠶᠢᠷᠠᠯᠠᠳᠠᠭ᠃ ᠡᠨᠡ ᠨᠢ  ᠬᠡᠯᠡᠬᠦ ᠶᠢᠨ ᠲᠡᠳᠤᠢ ᠪᠢᠰᠢ ᠬᠠᠷᠢᠨ ᠤᠯᠠᠨ ᠵᠤᠶᠢᠯ ᠤᠨ ᠪᠤᠳᠠᠳᠤ ᠠᠵᠢᠯᠯᠠᠭᠠᠨ  ᠎ ᠳᠤ  ᠢᠯᠡᠷᠡᠳᠡᠭ᠃ ᠬᠡᠯᠡᠯᠭᠡ ᠪᠠᠷ ᠰᠢᠨ᠎ᠡ ᠶᠢᠨ ᠨᠠᠢᠮᠠᠨ ᠳᠤ ᠮᠠᠯ ᠰᠢᠨᠡᠯᠡᠳᠡᠭ᠃      ᠦᠨᠡᠨ ᠲᠡᠭᠡᠨ ᠮᠤᠩᠭᠤᠯᠴᠤᠳ ᠪᠢᠳᠡᠭᠦᠨ ᠳᠤ ᠮᠠᠯ ᠤᠨ ᠢᠶᠠᠨ ᠬᠤᠷᠤᠭᠠᠨ ᠳᠡᠭᠡᠷ᠎ᠡ ᠳ᠋ᠸᠡᠭᠯᠤ ᠡᠯᠭᠦᠵᠤ ᠮᠠᠯ ᠢᠶᠠᠨ ᠤᠳᠤ ᠦᠵᠡᠭᠦᠯᠵᠤ ᠪᠠᠶᠢᠨ᠎ᠠ ᠭᠡᠳᠡᠭ᠃ ᠪᠠᠰᠠ ᠡᠪᠡᠰᠤ ᠪᠤᠷᠳᠤᠭ᠎ᠠ ᠪᠠᠨ ᠠᠬᠢᠭᠤᠬᠠᠨ ᠲᠠᠯᠪᠢᠵᠤ ᠦᠭᠳᠡᠭ᠂ ᠬᠠᠷᠢᠨ ᠰᠢᠨᠡᠯᠡᠵᠤ ᠶᠠᠭᠠᠷᠤ ᠪᠠᠶᠢᠨ᠎ᠠ ᠭᠡᠳ ᠮᠠᠯ ᠢᠶᠠᠨ ᠬᠤᠭᠤᠰᠤᠨ ᠬᠤᠷᠢᠳᠠᠭ ᠠᠶᠢᠯ ᠶᠡᠷᠤ ᠨᠢ ᠪᠠᠶᠢᠳᠠᠭ ᠦᠭᠡᠢ᠃ ᠡᠨᠡ ᠨᠢ ᠮᠦᠨᠴᠤ ᠮᠠᠯ ᠰᠦᠷᠤᠭ᠌ ᠢᠶᠠᠨ ᠰᠢᠨ᠎ᠡ ᠤᠨ ᠳᠤ ᠡᠰᠡᠨ ᠮᠡᠨᠳᠤ ᠤᠨᠳᠤᠷᠠᠵᠤ  ᠪᠠᠶᠢᠬᠤ  ᠶᠢ ᠪᠡᠯᠭᠡᠰᠢᠶᠡᠵᠤ᠂ ᠮᠠᠯ ᠲᠠᠢ ᠪᠠᠨ ᠬᠠᠮᠳᠤ ᠰᠢᠨᠡᠯᠡᠵᠤ ᠪᠠᠶᠢᠬᠤ ᠶᠢᠨ ᠲᠡᠮᠳᠡᠭ ᠪᠢᠯᠠ᠃ ᠲᠡᠭᠡᠭᠡᠳ ᠰᠢᠨ᠎ᠡ ᠶᠢᠨ ᠬᠤᠶᠡᠷ ᠭᠤᠷᠪᠠᠨ ᠠᠴᠠ ᠭᠡᠶᠢᠴᠢᠨ ᠵᠤᠴᠢᠨ ᠢᠶᠠᠨ ᠵᠤᠴᠢᠯᠠᠵᠤ᠂ ᠠᠶᠢᠯ ᠠᠬ᠎ᠠ ᠲᠡᠭᠦᠤ  ᠶᠢᠨ ᠲᠠᠭᠠᠨ ᠠᠶᠢᠯᠠᠴᠢᠯᠠᠬᠤ ᠶᠢᠨ ᠲᠠᠭᠠᠭᠤ  ᠵᠠᠪᠰᠠᠷ ᠴᠢᠯᠤᠭᠡᠨ ᠲᠡᠭᠡᠨ ᠪᠠᠭ᠎ᠠ ᠪᠠᠭ᠎ᠠ ᠪᠠᠷ ᠬᠤᠨᠢᠨ ᠬᠤᠷᠤᠭᠠᠨ ᠤ ᠭᠦᠷᠵᠢᠩ ᠢ ᠬᠢᠰᠬᠢᠵᠤ  ᠵᠦᠭᠡᠭᠡᠳ᠂ ᠭᠡᠶᠢᠴᠢᠨ ᠵᠤᠴᠢᠨ ᠎ ᠲᠠᠢ ᠪᠠᠶᠢᠪᠠᠯ ᠲᠡᠳᠡ ᠴᠤ ᠠᠵᠢᠯ ᠠᠴᠠ ᠤᠬᠤᠷᠢᠯ ᠦᠭᠡᠢ ᠬᠠᠮᠵᠢᠯᠴᠠᠳᠠᠭ ᠰᠠᠶᠢᠬᠠᠨ ᠵᠠᠩᠰᠢᠯ ᠲᠠᠢ ᠪᠢᠯᠠ᠃ ᠰᠢᠨ᠎ᠡ ᠶᠢᠨ ᠨᠠᠢᠮᠠᠨ ᠪᠤᠯᠬᠤ ᠳᠤ ᠬᠤᠷᠤᠭᠠᠨ ᠤ ᠳᠤᠮᠳᠠ ᠬᠤᠴᠠᠨ ᠰᠢᠷᠡᠭᠡ ᠭᠡᠵᠤ ᠲᠦᠷᠪᠡᠯᠵᠢᠯᠡᠵᠤ ᠦᠯᠡᠳᠡᠭᠡᠭᠰᠡᠨ ᠭᠦᠷᠵᠢᠩ ᠲᠡᠭᠡᠷ᠎ᠡ ᠪᠠᠨ ᠲᠠᠪᠠᠯᠢᠭ ᠲᠡᠪᠢᠰᠴᠤ ᠰᠢᠷᠡᠭᠡ ᠲᠠᠯᠪᠢᠵᠤ᠂ ᠴᠠᠭᠠᠨ ᠢᠳᠡᠭᠡ ᠠᠷᠢᠬᠢ ᠦᠷᠤᠵᠤ᠂ ᠲᠡᠭᠦᠨ ᠎ ᠠᠴᠠ ᠠᠮᠰᠠᠴᠤ ᠲᠠᠷᠠᠭ᠎ᠠ ᠨᠢ ᠬᠤᠴᠠ ᠤᠬᠤᠨ᠎ᠠ ᠪᠤᠬ᠎ᠠ ᠵᠡᠷᠭᠡ ᠡᠴᠢᠭᠡ ᠮᠠᠯ ᠢᠶᠠᠨ ᠤᠳᠤᠯᠠᠭ᠎ᠠ ᠪᠠᠷ ᠠᠷᠢᠭᠤᠯᠵᠤ ᠰᠢᠷ᠎ᠠ ᠲᠤᠰᠤ ᠴᠠᠭᠠᠨ ᠢᠳᠡᠭᠡ ᠪᠠᠷ ᠮᠢᠯᠢᠶᠠᠵᠤ᠂ ᠦᠡᠭᠭᠡ ᠶᠢᠨ ᠲᠡᠪᠤᠤ ᠲᠤᠷᠭ᠎ᠠ ᠡᠪᠡᠷ ᠲᠤᠨᠢ ᠵᠡᠭᠦᠯᠭᠡᠵᠤ ︵ᠮᠤᠬᠤᠷ ᠮᠠᠯ ᠤᠨ ᠭᠦᠵᠤᠭᠦᠨ ᠠᠴᠠ ᠨᠢ ᠵᠡᠭᠦᠯᠭᠡᠨ᠎ᠡ︶ ᠴᠢᠮᠡᠳᠡᠭ ᠪᠠᠶᠢᠨ᠎ᠠ᠃ ᠲᠡᠭᠡᠭᠡᠳ ᠫᠤᠤᠵᠢᠩ ᠲᠠᠯᠪᠢᠵᠤ ᠲᠠᠪᠠᠭ ᠲᠠᠢ ᠢᠳᠡᠭᠡ ᠠᠴᠠ ᠪᠠᠨ ᠲᠡᠭᠷᠢ ᠭᠠᠵᠠᠷ ᠲᠠᠭᠠᠨ ᠡᠷᠭᠦᠵᠤ ᠬᠡᠤᠬᠡᠳ ᠰᠢᠬᠤᠳ ᠢᠶᠠᠨ ᠪᠠᠷᠢᠯᠳᠤᠭᠤᠯᠵᠤ ᠪᠠᠭ᠎ᠠ ᠶᠤᠰᠤᠨ ᠤ ᠨᠠᠶᠢᠷ ᠪᠤᠯᠳᠠᠭ᠃
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号