ᠱᠠᠭ᠎ᠠ ᠨᠢᠰᠠᠯᠵᠤ ᠲᠤᠭᠯᠠᠬᠤ
ᠨᠡᠶᠢᠲᠡᠯᠡᠭᠰᠡᠨ ᠴᠠᠭ᠄
2020/4/10
     ᠱᠠᠭ᠎ᠠ ᠪᠠᠨ ᠨᠠᠶᠢᠷᠠᠵᠤ ᠤᠷᠭᠢᠭᠠᠳ ᠮᠤᠷᠢ ᠶᠢ ᠮᠤᠷᠢ ᠲᠠᠢ᠂ ᠬᠤᠨᠢ ᠶᠢ ᠬᠤᠨᠢ ᠲᠠᠢ ᠭᠡᠭᠦ ᠮᠠᠳᠤ ᠠᠳᠠᠯᠢ ᠲᠥᠷᠰᠥ ᠲᠠᠢ ᠱᠠᠭ᠎ᠠ ᠶᠢ ᠬᠤᠭᠤᠷᠤᠨᠳᠤ ᠨᠢ ᠨᠢᠰᠠᠯᠤᠨ ᠤᠨᠠᠭᠠᠵᠤ᠂ ᠠᠯᠢ ᠠᠰᠢᠭᠳᠠᠢ ᠪᠠᠨ ᠥᠯᠡᠳᠡᠭᠡᠨ᠂ ᠨᠢᠭᠡ ᠶᠢ ᠎ ᠨᠢ ᠠᠪᠳᠠᠭ᠃ ᠨᠢᠰᠠᠯᠤᠭᠠᠳ ᠤᠨᠤᠭᠠᠵᠤ ᠴᠢᠳᠠᠪᠠᠯ ᠥᠷᠭᠦᠯᠵᠢᠯᠠᠨ ᠨᠢᠰᠠᠯᠤᠨ᠎ᠠ᠃ ᠭᠡᠷᠪᠡ ᠤᠨᠤᠭᠠᠭᠰᠠᠨ ᠥᠭᠡᠢ ᠪᠤᠯ ᠪᠤᠰᠤᠳ ᠨᠢ ᠨᠢᠰᠠᠯᠳᠠᠭ᠃ ᠢᠡᠭᠭᠢᠭᠡᠳ ᠤᠨᠤᠭᠠᠭᠰᠠᠨ ᠲᠤᠭᠠᠨ ᠤ ᠤᠯᠠᠨ ᠴᠥᠭᠡᠨ ᠢᠶᠠᠷ ᠱᠥᠭᠦᠯᠳᠠ ᠪᠠᠨ ᠢᠯᠭᠠᠷᠠᠭᠤᠯᠳᠠᠭ᠃ ᠱᠠᠭ᠎ᠠ ᠨᠢᠰᠠᠯᠬᠤ ᠳᠤ ᠤᠯᠠᠨ ᠲᠥᠷᠢᠮ ᠶᠤᠰᠤ ᠲᠠᠢ᠃ ᠲᠤᠬᠠᠢᠢᠯᠠᠪᠠᠯ᠂ ᠨᠠᠶᠢᠷᠠᠵᠤ ᠤᠷᠭᠢᠭᠰᠠᠨ ᠱᠠᠭ᠎ᠠ ᠲᠠᠪᠬᠤᠴᠠᠨ ᠲᠤᠰᠤᠭᠰᠠᠨ ᠪᠠᠶᠢᠪᠠᠯ ᠲᠡᠭᠦᠨ ᠢ ᠱᠠᠭ᠎ᠠ ᠪᠠᠷ ᠴᠤᠭᠢᠵᠤ ᠰᠠᠯᠭᠠᠬᠤ᠂ ᠨᠢᠰᠠᠯᠬᠤ ᠳᠤ ᠪᠠᠨ ᠥᠭᠡᠷ᠎ᠠ ᠱᠠᠭ᠎ᠠ ᠶᠢ ᠭᠥᠨᠳᠠᠵᠤ ᠭᠥᠳᠠᠯᠭᠡᠵᠥ ᠪᠤᠯᠬᠤ ᠥᠭᠡᠢ᠂ ᠨᠢᠰᠠᠯᠤᠭᠰᠠᠨ ᠭᠠᠷ ᠢᠶᠠᠷ ᠢᠶᠠᠨ ᠱᠠᠭ᠎ᠠ ᠪᠠᠨ ᠲᠡᠭᠦᠵᠥ ᠠᠪᠴᠤ ᠪᠤᠯᠬᠤ ᠥᠭᠡᠢ ᠭᠡᠭᠦ ᠮᠠᠳᠤ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号