ᠨᠤᠳᠤᠭ ᠤᠨ ᠨᠤᠭᠤᠭᠠᠨ ᠲᠤᠷᠠᠰᠤᠮᠵᠢ
ᠨᠡᠶᠢᠲᠡᠯᠡᠭᠰᠡᠨ ᠴᠠᠭ᠄
2020/4/20
     ᠮᠢᠨᠤ ᠲᠦᠷᠤᠭ᠍ᠰᠡᠨ ᠨᠤᠳᠤᠭ ᠵᠤᠷᠢᠭᠳᠤ ᠸᠠᠩ ᠤᠨ ᠬᠤᠷᠤᠭ᠎ᠠ - ᠬᠤᠷᠴᠢᠨ ᠨᠤᠳᠤᠭ ᠤᠨ ᠪᠠᠷᠠᠭᠤᠨ ᠵᠠᠬ᠎ᠠ᠂  ᠰᠢᠷ᠎ᠠ ᠮᠦᠷᠡᠨ ᠤ ᠠᠷᠤ ᠬᠦᠪᠡᠭᠡᠨ ᠳᠤ ᠪᠠᠶᠢᠳᠠᠭ᠃ ᠲᠦᠴᠢ ᠭᠠᠷᠤᠭᠠᠳ ᠨᠤᠳᠤᠭ ᠤᠨ ᠲᠤᠬᠠᠢ ᠲᠤᠷᠠᠰᠤᠮᠵᠢ ᠪᠢᠴᠢᠬᠦ ᠳᠤ ᠨᠢᠳᠤᠨ ᠳᠤ ᠮᠢᠨᠢ ᠨᠢᠯᠪᠤᠰᠤ ᠡᠷᠬᠢᠨ᠎ᠡ᠃ ᠪᠢ ᠪᠢᠴᠢᠭ ᠰᠤᠶᠤᠯ ᠤᠨ ᠮᠦᠷ ᠬᠦᠭᠡᠭᠡᠵᠦ ᠠᠷᠪᠡᠨ ᠲᠦᠷᠪᠡᠲᠡᠢ ᠳᠤ ᠪᠠᠨ ᠲᠦᠷᠤᠭ᠍ᠰᠡᠨ ᠨᠤᠳᠤᠭ ᠠᠴᠠ ᠪᠠᠨ ᠰᠠᠯᠵᠡᠢ᠃ ᠭᠡᠪᠡᠴᠤ ᠮᠢᠨᠤ ᠵᠢᠷᠤᠭᠡᠨ ᠠᠴᠠ ᠲᠦᠷᠤᠭ᠍ᠰᠡᠨ ᠨᠤᠳᠤᠭ ᠮᠢᠨᠢ ᠰᠠᠯᠤᠭ᠎ᠠ ᠦᠭᠡᠢ᠃ ᠬᠠᠷᠢᠨ ᠬᠡᠲᠤᠢ ᠬᠤᠯᠠ ᠶᠠᠪᠤᠬᠤ ᠲᠤᠳᠤᠮ ᠲᠡᠳᠤᠢ ᠬᠡᠴᠡᠭᠦᠤ ᠰᠠᠨᠠᠭᠳᠠᠨ᠎ᠠ ᠪᠢᠯᠡ᠃ ᠤᠨᠠᠭᠰᠠᠨ ᠰᠢᠷᠤᠢ᠂ ᠤᠤᠭᠤᠭᠰᠠᠨ ᠤᠰᠤ᠂ ᠤᠨᠠᠭᠠᠨ ᠬᠤᠯᠪᠤᠭ᠎ᠠ ᠪᠠᠭ᠎ᠠ ᠶᠢᠨ ᠨᠦᠭᠦᠳ᠂ ᠤᠬᠠᠭ᠎ᠠ ᠴᠤᠭᠤᠷᠠᠭᠤᠯᠤᠭᠰᠠᠨ ᠤᠷᠢᠳᠤ ᠶᠢᠨ ᠤᠯᠤᠰ ᠁ ᠠᠯᠢ ᠶᠢ ᠨᠢ ᠴᠤ ᠪᠢ ᠮᠠᠷᠳᠠᠵᠦ ᠴᠢᠳᠠᠬᠤ ᠦᠬᠡᠢ᠃ ᠭᠡᠪᠡᠴᠤ ᠠᠳᠡ ᠪᠢ ᠲᠡᠷᠡ ᠪᠦᠬᠦᠨ ᠢ ᠲᠤᠷᠠᠰᠬᠤ ᠪᠢᠰᠢ᠂ ᠬᠠᠷᠢᠨ ᠲᠦᠷᠤᠭ᠍ᠰᠡᠨ ᠨᠤᠳᠤᠭ ᠤᠨ ᠢᠶᠠᠨ ᠪᠠᠶᠠᠨ ᠪᠠᠶᠢᠭᠠᠯᠢ ᠳᠤ ᠡᠷᠭᠡᠯᠡᠭᠰᠡᠨ ᠪᠠᠭ᠎ᠠ ᠶᠢᠨ ᠦᠶ᠎ᠡ ᠶᠢᠨ ᠲᠤᠷᠠᠰᠤᠮᠵᠢ ᠨᠤᠭᠤᠳ ᠢ ᠬᠡᠯᠬᠢᠨ᠎ᠡ᠃      ᠰᠢᠷ᠎ᠠ ᠮᠦᠷᠡᠨ ᠱᠤᠤᠬᠢᠵᠦ ᠤᠷᠤᠰᠤᠨ᠎ᠡ      ᠮᠠᠨ ᠤ ᠠᠶᠢᠯ ᠠᠴᠠ ᠲᠦᠷᠪᠡ ᠲᠠᠪᠤᠨ ᠭᠠᠵᠠᠷ ᠤᠨ ᠵᠡᠢ ᠲᠠᠢ ᠰᠢᠷ᠎ᠠ ᠮᠦᠷᠡᠨ ᠱᠤᠤᠬᠢᠵᠦ ᠤᠷᠤᠰᠤᠨ᠎ᠡ᠃ ᠰᠢᠷ᠎ᠠ ᠮᠦᠷᠡᠨ ᠤ ᠤᠷᠤᠰᠬᠠᠯ ᠲᠠᠭᠠᠭᠰᠠᠨ ᠭᠠᠵᠠᠷ ᠭᠡᠵᠦ ᠡᠪᠡᠰᠤᠨ ᠤ ᠤᠷᠤᠢ ᠡᠮᠡᠭᠡᠯ ᠲᠠᠢ ᠮᠤᠷᠢᠨ ᠤ ᠲᠦᠷᠤᠭᠡ ᠰᠢᠭᠦᠷᠤᠮ᠎ᠡ ᠡᠯᠳᠡᠩ ᠰᠠᠶᠢᠬᠠᠨ ᠪᠡᠯᠴᠢᠭᠡᠷ ᠲᠠᠢ ᠨᠤᠳᠤᠭ ᠪᠠᠶᠢᠭᠰᠠᠨ ᠪᠤᠯᠬᠤᠷ ᠠᠳᠡᠬᠢ ᠨᠢ ᠮᠤᠩᠭᠤᠯ ᠬᠦᠮᠤᠨ ᠤ ᠪᠠᠭᠤᠴᠠ ᠪᠤᠯᠤᠭᠰᠠᠨ ᠪᠠᠶᠢᠵᠡᠢ᠃      ᠪᠠᠭ᠎ᠠ ᠳᠤ ᠪᠠᠨ ᠪᠢ ᠵᠢᠯ ᠪᠦᠷᠢ ᠶᠢᠨ ᠲᠠᠪᠤᠨ ᠰᠠᠷ᠎ᠠ ᠶᠢᠨ ᠰᠢᠨ᠎ᠡ ᠶᠢᠨ ᠲᠠᠪᠤᠨ ᠪᠤᠯᠬᠤ ᠳᠤ ᠠᠶᠢᠯ ᠤᠨ ᠬᠡᠤᠬᠡᠳ ᠲᠠᠢ ᠬᠠᠮᠳᠤ ᠰᠢᠷ᠎ᠠ ᠮᠦᠷᠡᠨ ᠤ ᠬᠦᠪᠡᠭᠡᠨ ᠳᠤ ᠨᠠᠭᠠᠳᠬᠤ ᠪᠠᠷ ᠤᠴᠢᠳᠠᠭ᠃ ᠲᠡᠷᠡ ᠦᠶ᠎ᠡ ᠶᠢᠨ ᠰᠢᠷ᠎ᠠ ᠮᠦᠷᠡᠨ ᠤ ᠬᠦᠪᠡᠭᠡ ᠡᠷᠬᠢ ᠭᠡᠵᠦ ᠶᠤᠰᠤᠲᠡᠢ ᠯᠠ ᠪᠠᠶᠢᠭᠠᠯᠢ ᠶᠢᠨ ᠰᠠᠶᠢᠬᠠᠨ ᠴᠡᠴᠷᠴᠯᠢᠭ᠂ ᠬᠦᠮᠤᠨ ᠠᠴᠠ ᠥᠨᠳᠤᠷ ᠤᠷᠭᠤᠭᠰᠠᠨ ᠬᠤᠯᠤᠰᠤ ᠵᠡᠭᠡᠰᠤᠨ ᠤ ᠲᠤᠮᠳᠠᠭᠤᠷ ᠬᠠᠶᠠ ᠨᠢᠭᠡ ᠨᠠᠷᠢᠬᠠᠨ ᠴᠤᠪᠤᠭ᠎ᠠ ᠶᠢ ᠡᠯᠭᠦᠵᠤ ᠬᠤᠩᠬᠤ ᠲᠠᠢ ᠭᠦᠯᠤᠭᠡ ᠪᠠᠨ ᠳᠠᠭᠠᠭᠤᠯᠤᠭᠰᠠᠨ ᠬᠡᠳᠤᠨ ᠬᠡᠤᠬᠡᠳ ᠬᠤᠯᠠ ᠠᠴᠠ ᠰᠤᠨᠤᠰᠳᠠᠬᠤ ᠪᠤᠬ᠎ᠠ ᠰᠢᠪᠠᠭᠤᠨ ᠤ ᠲᠠᠭᠤ ᠶᠢ ᠴᠢᠩᠨᠠᠭᠰᠠᠭᠠᠷ ᠰᠢᠷ᠎ᠠ ᠮᠦᠷᠡᠨ ᠤ ᠬᠦᠪᠡᠭᠡ ᠶᠢ ᠴᠢᠭᠯᠡᠨ᠎ᠡ᠃ ᠴᠠᠭᠠᠨ ᠮᠠᠩᠬᠠᠨ ᠤ ᠵᠡᠭᠦᠨ ᠰᠤᠭᠤ ᠪᠠᠷ ᠳᠠᠭᠠᠷᠢᠭᠠᠳ ᠥᠨᠳᠤᠷ ᠵᠢᠯᠠᠭ᠎ᠠ ᠶᠢᠨ ᠬᠤᠷᠮᠤᠢ ᠲᠤᠤᠭᠤᠷ ᠥᠩᠭᠡᠷᠡᠪᠡᠯ ᠡᠪᠡᠰᠤ ᠬᠤᠯᠤᠰᠤ ᠴᠦᠭᠡᠷᠡᠵᠤ ᠪᠤᠷᠭᠠᠰᠤ ᠰᠤᠬᠠᠢ ᠶᠠᠭᠰᠢᠷᠠᠨ᠎ᠠ᠃ ᠳᠡᠭᠡᠬᠦ ᠳᠤ ᠯᠠ ᠰᠢᠷ᠎ᠠ ᠮᠦᠷᠡᠨ ᠤ ᠱᠤᠤᠬᠢᠬᠤ ᠴᠢᠮᠡᠭᠡ ᠰᠤᠨᠤᠰᠳᠠᠨ᠎ᠠ᠃ ᠥᠢᠷᠠᠳᠬᠤ ᠲᠤᠳᠤᠮ ᠱᠤᠤᠬᠢᠶ᠎ᠠ ᠶᠡᠭᠡᠳᠴᠤ ᠲᠤᠳᠤᠷ᠎ᠠ ᠮᠢᠨᠢ ᠨᠢᠭᠡ ᠯᠠ ᠰᠦᠷᠳᠡᠬᠦ ᠪᠣᠳᠤᠯ ᠣᠷᠣᠨ᠎ᠡ᠃ ᠣᠳᠤ ᠪᠤᠳᠤᠪᠡᠯ ᠲᠡᠷᠡ ᠴᠤ ᠠᠷᠭ᠎ᠠ ᠦᠬᠡᠢ᠂ ᠶᠡᠭᠡ ᠪᠠᠶᠢᠭᠠᠯᠢ ᠶᠢᠨ ᠣᠮᠤᠭ ᠰᠦᠷ ᠤᠨ ᠡᠮᠤᠨ᠎ᠡ ᠬᠡᠤᠬᠡᠳ ᠪᠠᠶᠢᠳᠤᠭᠠᠢ ᠵᠠᠩᠵᠳ ᠬᠦᠮᠤᠨ ᠴᠤ  ᠵᠢᠷᠤᠭᠡ ᠴᠡᠴᠷᠠᠳᠡᠭ ᠤᠴᠢᠷ ᠲᠠᠢ᠃ ᠬᠡᠳᠤᠢ ᠰᠦᠷᠳᠡᠬᠦ ᠪᠤᠳᠤᠯ ᠤᠷᠤᠪᠠᠴᠤ᠂ ᠭᠠᠩᠭᠠᠩ ᠪᠠᠶᠢᠭᠠᠯᠢ ᠶᠢᠨ ᠳᠠᠲᠠᠬᠤ ᠬᠦᠴᠤ ᠭᠠᠷ ᠠᠴᠠ ᠮᠢᠨᠢ ᠪᠢᠰᠢ ᠵᠢᠷᠤᠬᠡᠨ ᠠᠴᠠ ᠮᠢᠨᠢ ᠭᠦᠳᠤᠯᠵᠦ ᠥᠪᠡᠷ ᠤᠨ ᠢᠶᠠᠨ ᠵᠦᠭ ᠴᠢᠩᠭᠠᠭᠠᠨ᠎ᠠ᠃ ᠭᠤᠤᠯ ᠤᠨ ᠬᠦᠪᠡᠭᠡ ᠥᠢᠷᠠᠳᠬᠤ ᠳᠤ ᠪᠤᠳᠠ ᠪᠤᠷᠭᠠᠰᠤᠨ ᠤ ᠰᠡᠭᠦᠳᠡᠷ ᠲᠤᠤᠷ᠎ᠠ ᠠᠴᠠ ᠥᠨᠳᠡᠭᠡ ᠳᠠᠷᠤᠭᠰᠠᠨ ᠭᠠᠯᠠᠭᠤ ᠨᠣᠭᠤᠰᠤ᠂ ᠭᠦᠯᠤᠭᠡ ᠲᠠᠶᠢᠭ᠎ᠠ ᠶᠢᠨ ᠬᠤᠩᠬᠤ ᠶᠢᠨ ᠳᠠᠭᠤᠨ ᠠᠴᠠ ᠰᠤᠴᠢᠵᠤ ᠳᠠᠯᠠᠪᠴᠢ ᠲᠡᠪᠢᠨ ᠭᠠᠭᠠᠭᠯᠠᠨ ᠪᠤᠰᠤᠨ᠎ᠡ᠃ ᠥᠨᠳᠡᠭᠡ ᠶᠢ ᠨᠢ ᠲᠡᠭᠦᠭᠦ ᠭᠡᠵᠦ ᠡᠭᠦᠷ ᠵᠦᠭ ᠨᠢ ᠥᠩᠭᠡᠶᠢᠪᠡᠯ ᠥᠷᠭᠦᠵᠦ ᠪᠤᠰᠤᠭᠰᠠᠨ ᠭᠠᠯᠠᠭᠤ ᠨᠤᠭᠤᠰᠤ ᠡᠭᠦᠷ ᠢᠶᠠᠨ ᠲᠤᠭᠤᠷᠢᠭᠠᠳ ᠭᠠᠭᠠᠭᠯᠠᠨ᠎ᠠ᠃ ᠢᠩᠭᠢᠭᠡᠳ ᠭᠦᠯᠤᠭᠡ ᠲᠡᠶᠢᠭ᠎ᠠ ᠬᠡᠢ ᠰᠢᠭᠦᠷᠠᠵᠤ ᠨᠡᠩ ᠶᠡᠭᠡ ᠲᠡᠪᠴᠢᠶᠠᠨ ᠪᠤᠯᠳᠠᠭ᠃ ᠡᠬᠡ ᠪᠤᠯᠤᠭᠰᠠᠨ ᠭᠠᠯᠠᠭᠤ ᠨᠤᠭᠤᠰᠤ ᠶᠢᠨ ᠦᠷ᠎ᠡ ᠥᠨᠳᠡᠭᠡ ᠪᠠᠨ ᠬᠠᠷᠠᠮᠠᠯᠠᠬᠤ ᠰᠠᠶᠢᠬᠠᠨ ᠰᠡᠳᠬᠢᠯ ᠢ ᠲᠡᠷᠡ ᠦᠶ᠎ᠡ ᠳᠤ ᠲᠠᠩᠴᠤ ᠤᠬᠠᠭᠰᠠᠨ ᠦᠬᠡᠢ᠃ ᠨᠢᠭᠡ ᠡᠭᠦᠷ᠂ ᠬᠤᠶᠠᠷ ᠡᠭᠦᠷ᠂ ᠠᠷᠪᠡᠨ ᠥᠨᠳᠡᠭᠡ᠂ ᠬᠤᠷᠢᠨ ᠥᠨᠳᠡᠭᠡ  ᠁ ᠲᠡᠷᠡ ᠨᠢ ᠬᠡᠳᠤᠶᠢᠪᠡᠷ ᠮᠠᠨ ᠤ ᠬᠡᠳᠤᠭᠦᠯᠠ ᠶᠢᠨ ᠬᠠᠮᠤᠭ ᠤᠨ ᠶᠡᠭᠡ ︽ᠤᠯᠵᠠ︾ ᠪᠠᠶᠢᠭᠰᠠᠨ ᠪᠤᠯᠪᠠᠴᠤ ᠭᠠᠩᠭᠠᠩ ᠪᠠᠶᠢᠭᠠᠯᠢ ᠳᠤ ᠪᠠᠨ ᠬᠠᠷᠢᠨ ᠭᠠᠷᠤᠵᠠ ᠪᠤᠯᠵᠤ ᠪᠠᠶᠢᠭᠰᠠᠨ ᠢ ᠣᠳᠤ ᠰᠠᠶ᠋ᠢ ᠤᠬᠠᠵᠤ ᠪᠠᠶᠢᠨ᠎ᠠ᠃ ᠴᠢᠬᠢᠬᠦᠦ ᠪᠢᠳᠡᠭᠦᠤ ᠲᠡᠶᠢᠭ᠎ᠠ ᠶᠢ ᠥᠩᠭᠡᠷᠡᠭᠡᠳ ᠤᠯᠠᠭᠠᠨ ᠰᠤᠬᠠᠢ ᠴᠡᠴᠩ ᠲᠡᠯᠭᠡᠷᠡᠭᠰᠡᠨ ᠴᠠᠭᠠᠨ ᠴᠡᠶᠢᠳᠠᠮ ᠳᠤ ᠥᠭᠡᠳᠡ ᠠᠴᠠ ᠮᠢᠨᠢ ᠰᠡᠷᠢᠭᠦᠦ ᠤᠷᠬᠢᠵᠤ ᠰᠢᠷ᠎ᠠ ᠮᠦᠷᠡᠨ ᠤᠨ ᠮᠢᠨᠢ ᠤᠰᠤ ᠲᠦᠮᠡᠨ ᠠᠳᠤᠭᠤᠨ ᠤ ᠲᠦᠪᠡᠷᠭᠡᠨ ᠰᠢᠭ ᠲᠤᠷᠤᠨ᠎ᠡ ᠵᠥᠭ ᠱᠤᠤᠬᠢᠨ ᠤᠷᠤᠰᠤᠨ᠎ᠡ᠃ ᠢᠨᠡᠳᠤ ᠡᠷᠬᠢ ᠠᠴᠠ ᠲᠡᠷᠳᠡᠭᠡ ᠡᠷᠬᠢ ᠵᠥᠭ ᠪᠠᠷᠠᠯᠠᠪᠡᠯ ᠨᠢᠭᠡ ᠯᠠ ᠵᠤᠷᠪᠤᠰ ᠨᠤᠭᠤᠭᠠᠨ ᠤᠳᠠᠰᠤ ᠬᠠᠷᠠᠭᠳᠠᠨ᠎ᠠ᠃      ᠤᠰᠤᠨ ᠤ ᠬᠦᠪᠡᠭᠡᠨ ᠳᠤ ᠨᠤᠳᠤᠭ ᠲᠠᠢ ᠬᠦᠮᠤᠨ ᠤᠰᠤᠨ ᠠᠴᠠ ᠠᠶᠤᠳᠠᠭ ᠦᠬᠡᠢ ᠪᠤᠯᠪᠠᠴᠤ ᠡᠨᠡ ᠬᠦ ᠬᠦᠯ ᠦᠬᠡᠢ ᠶᠡᠭᠡ ᠭᠤᠤᠯ ᠤᠨ ᠡᠷᠬᠢ ᠳᠡᠭᠡᠷ᠎ᠡ ᠵᠤᠭᠰᠤᠬᠤ ᠳᠤ ᠤᠰᠤᠨ ᠠᠴᠠ ᠨᠢ ᠪᠠᠶᠢᠳᠤᠭᠠᠢ ᠱᠤᠤᠬᠢᠶᠠᠨ ᠠᠴᠠ ᠨᠢ ᠴᠤ ᠠᠶᠤᠨ ᠰᠦᠷᠳᠡᠵᠤ ᠪᠠᠶᠢᠭᠰᠠᠨ᠃ ᠭᠡᠪᠡᠴᠤ ᠪᠢᠳᠠ ᠰᠡᠳᠬᠢᠯ ᠴᠦᠭᠦᠷᠡᠳᠡᠭ ᠦᠬᠡᠢ᠂ ᠬᠦᠪᠡᠭᠡ ᠡᠷᠬᠢ ᠶᠢᠨ ᠬᠠᠮᠤᠭ ᠤᠨ ᠭᠦᠢᠬᠡᠨ ᠭᠠᠵᠠᠷ ᠢ ᠨᠢ ᠣᠯᠣᠭᠠᠳ ᠨᠣᠭᠤᠰᠤᠨ ᠵᠤᠯᠵᠠᠭ᠎ᠠ ᠰᠢᠭ᠋ ᠨᠠᠭᠠᠳᠣᠨ᠎ᠠ  ᠃ ᠲᠡᠷᠡ ᠦᠶ᠎ᠡ ᠳᠤ ᠮᠢᠨᠤ ᠲᠤᠳᠤᠷ᠎ᠠ ᠰᠢᠷ᠎ᠠ ᠮᠦᠷᠡᠨ ᠭᠡᠭᠴᠢ ᠲᠡᠭᠷᠢ ᠠᠴᠠ ᠯᠠ ᠴᠢᠳᠬᠠᠵᠤ ᠢᠷᠡᠭᠡ ᠰᠢᠭ ᠰᠦᠷᠲᠡᠢ ᠰᠠᠨᠠᠭᠳᠠᠵᠤ ᠪᠠᠶᠢᠭᠰᠠᠨ᠃ ᠤᠰᠤᠨ ᠤ ᠲᠤᠮᠳᠠ ᠠᠴᠠ ᠬᠠᠷᠠᠭ᠎ᠠ ᠰᠤᠩᠭᠠᠪᠡᠯ ᠤᠰᠤ ᠴᠤ ᠬᠦᠬᠡ᠂ ᠲᠡᠭᠷᠢ ᠴᠤ ᠬᠦᠬᠡ᠃ ᠨᠢᠭᠡ ᠤᠳᠠᠭ᠎ᠠ ᠪᠢᠳᠠ ᠨᠠᠷᠠ ᠵᠢᠷᠭᠠᠬᠤ ᠠᠯᠳᠠᠳᠠᠯ᠎ᠠ ᠤᠰᠤᠨ ᠳᠤ ᠨᠠᠭᠠᠳᠤᠭᠰᠠᠨ᠃ ᠲᠡᠷᠡ ᠦᠳᠡᠰᠢ ᠶᠢᠨ ᠲᠡᠷᠡ ᠰᠠᠶᠢᠬᠠᠨ ᠦᠵᠡᠮᠵᠢ ᠣᠳᠤ ᠪᠣᠯᠳᠠᠯ᠎ᠠ ᠮᠢᠨᠤ ᠲᠤᠳᠤᠷ᠎ᠠ ᠲᠤᠷᠡᠶᠢᠭ᠌ᠰᠠᠭᠠᠷ᠄ ᠬᠦᠪᠡᠭᠡ ᠡᠷᠬᠢ ᠶᠢᠨ ᠤᠯᠠᠭᠠᠨ ᠤᠰᠤᠨ ᠳᠤ ᠤᠳᠠ ᠤᠰᠤᠨ ᠤ ᠲᠤᠳᠤᠷ᠎ᠠ ᠲᠤᠨᠤᠷᠠᠭᠠᠳ ᠤᠨᠠᠬᠤ ᠨᠠᠷᠡᠨ ᠤᠯᠠᠭᠠᠨ ᠪᠦᠮᠪᠦᠭᠡ ᠰᠢᠭ ᠭᠤᠣᠯ ᠲᠤᠳᠤᠷ᠎ᠠ ᠬᠦᠪᠤᠨ᠎ᠡ᠃ ᠲᠡᠷᠡ ᠦᠶ᠎ᠡ ᠳᠤ ᠪᠢ ᠨᠠᠷᠡ ᠭᠡᠳᠡᠭ ᠴᠢᠨᠢ ᠭᠤᠤᠯ ᠲᠤᠳᠤᠷ᠎ᠠ ᠤᠨᠠᠳᠠᠭ ᠶᠤᠮ ᠪᠠᠶᠢᠨ᠎ᠠ ᠭᠡᠵᠤ ᠪᠤᠳᠤᠵᠤ ᠪᠠᠶᠢᠯ᠎ᠠ᠃      ᠨᠠᠮ᠎ᠠ ᠶᠢ ᠠᠩᠬ᠎ᠠ ᠵᠡᠷᠭᠡ ᠶᠢᠨ ᠲᠤᠮᠳᠠᠳᠤ ᠰᠤᠷᠭᠠᠭᠤᠯᠢ ᠳᠤ ᠲᠠᠪᠰᠢᠭᠰᠠᠨ ᠲᠡᠷᠡ ᠵᠢᠯ ᠤᠨ ᠨᠠᠮᠤᠷ᠂ ᠡᠴᠢᠭᠡ ᠮᠢᠨᠢ ᠲᠡᠷᠭᠡᠨ ᠳᠤ ᠰᠠᠭᠤᠯᠭᠠᠬᠤ ᠭᠡᠵᠤ ᠬᠤᠶᠠᠭᠤᠯᠠ ᠶᠠᠪᠠᠭᠠᠨ ᠢᠶᠠᠷ ᠰᠢᠷ᠎ᠠ ᠮᠦᠷᠡᠨ ᠢ ᠭᠠᠳᠤᠯᠪᠠ᠃ ᠦᠶᠠᠷ ᠤᠨ ᠴᠠᠭ ᠥᠩᠭᠡᠷᠡᠭᠡᠳ ᠭᠤᠤᠯ ᠲᠠᠳᠠᠭᠤᠷᠠᠵᠤ ᠤᠩᠭᠤᠴᠠ ᠰᠡᠯ ᠣᠯᠣᠮ ᠳᠤ ᠪᠠᠨ ᠪᠠᠶᠢᠭᠰᠠᠨ ᠦᠬᠡᠢ᠃ ᠤᠰᠤ ᠵᠢᠭᠡᠬᠦᠦ ᠣᠷᠤᠭᠰᠠᠨ ᠪᠣᠯᠪᠠᠴᠤ ᠭᠦᠨ ᠪᠢᠰᠢ᠃ ᠪᠢ ᠴᠡᠯ ᠨᠤᠭᠤᠭᠠᠨ ᠡᠷᠭᠢᠨ ᠳᠤ ᠨᠢ ᠬᠠᠶᠢᠷ᠎ᠠ ᠪᠠᠨ ᠤᠨᠠᠭᠠᠵᠤ ᠴᠡᠩᠭᠡᠷ ᠬᠦᠬᠡ ᠤᠰᠤᠨ ᠳᠤ ᠨᠢ ᠰᠡᠳᠬᠢᠯ ᠢᠶᠠᠨ ᠬᠤᠴᠤᠷᠭᠠᠵᠤ ᠶᠠᠪᠤᠨ᠎ᠠ᠃ ᠣᠭ᠍ᠶᠤ ᠨᠤᠭᠤᠭᠠᠨ ᠬᠤᠶᠠᠷ ᠡᠷᠬᠢ ᠨᠢ ᠤᠨᠢᠶᠠᠷ ᠳᠠᠳᠠᠵᠤ ᠬᠤᠯᠠ ᠶᠢᠨ ᠪᠠᠷ᠎ᠠ ᠳᠤ ᠵᠠᠪᠠᠭᠷᠠᠨ᠎ᠠ᠃ ᠣᠷᠣᠰᠬᠠᠯ ᠲᠤᠩᠭᠠᠯᠠᠭ ᠴᠡᠩᠭᠡᠷ ᠣᠰᠤ ᠨᠢ ᠴᠠᠭᠠᠨ ᠡᠭᠦᠯᠠ ᠪᠠᠨ ᠠᠴᠢᠵᠤ ᠲᠤᠷᠤᠨ᠎ᠡ ᠲᠡᠶᠢᠰᠢ ᠤᠳᠤᠨ᠎ᠡ᠃      ᠪᠢ ᠡᠴᠢᠭᠡ ᠶᠢᠨ ᠰᠤᠷᠭᠠᠯ ᠢ ᠲᠤᠭᠳᠠᠭᠠᠵᠤ ᠨᠤᠳᠤᠭ ᠠᠴᠠ ᠪᠠᠨ ᠰᠠᠯᠤᠯ᠎ᠠ᠂ ᠪᠠᠭ᠎ᠠ ᠶᠢᠨ ᠦᠶ᠎ᠡ ᠠᠴᠠ ᠪᠠᠨ ᠰᠠᠯᠤᠯ᠎ᠠ᠃      ᠴᠡᠯ ᠨᠤᠭᠤᠭᠠᠨ ᠡᠷᠬᠢ᠂ ᠴᠡᠩᠭᠡᠷ  ᠬᠦᠬᠡ ᠣᠰᠤ︕ ᠨᠤᠳᠤᠭ ᠤᠨ ᠨᠤᠭᠤᠭᠠᠨ ᠲᠤᠷᠠᠰᠤᠮᠵᠢ ᠡ  ᠁      ᠮᠥᠡᠭᠭᠦᠨ ᠳᠤ ᠠᠳᠠᠯᠢ ᠡᠯᠡᠰᠦ ᠮᠠᠩᠬ᠎ᠠ      ︽ᠮᠦᠬᠡᠷᠦᠦ ᠮᠦᠬᠡᠷᠦᠦ ᠱᠤᠷᠤᠩ ᠬᠠᠳᠠ᠂ ᠮᠦᠡᠭᠭᠦᠨ ᠳᠤ ᠠᠳᠠᠯᠢ ᠡᠯᠡᠰᠦ ᠮᠠᠩᠬ᠎ᠠ  ᠁  ︾  ᠳᠦᠴᠢᠭᠡᠳ ᠣᠨ ᠤ ᠰᠡᠭᠦᠯᠴᠢ ᠪᠠᠷ ᠮᠣᠩᠭᠤᠯ ᠭᠠᠵᠠᠷ ᠢᠶᠠᠷ ᠶᠡᠭᠡ ᠯᠡ ᠳᠡᠯᠭᠡᠷᠡᠭᠰᠡᠨ ᠡᠨᠡ ᠲᠠᠭᠤᠤ ᠶᠢ ᠪᠢ ᠪᠠᠰᠠ ᠲᠡᠷᠡ ᠦᠶ᠎ᠡ ᠳᠤ ᠰᠣᠷᠣᠭᠰᠠᠨ ᠶᠤᠮ᠃ ᠳᠠᠭᠤᠣ ᠣᠷᠠᠯᠢᠭ ᠤᠨ ᠷᠢᠳᠢ ᠰᠢᠳᠢ ᠭᠡᠳᠡᠭ ᠪᠠᠰᠠ ᠭᠠᠶᠢᠬᠠᠯᠳᠠᠢ᠃ ᠠᠯᠢ ᠳᠠᠭᠤᠤ ᠶᠢ ᠶᠠᠮᠠᠷ ᠦᠶ᠎ᠡ ᠳᠤ ᠰᠣᠷᠣᠭᠰᠠᠨ ᠪᠣᠯ ᠲᠡᠷᠡ ᠦᠶ᠎ᠡ ᠶᠢ ᠴᠢᠨᠢ ᠪᠤᠳᠤᠭᠳᠠᠭᠤᠯᠣᠨ᠎ᠠ᠃ ᠣᠳᠣ ᠡᠨᠡ ᠳᠠᠭᠤᠤ ᠶᠢ  ᠭᠢᠨᠭᠰᠢᠵᠦ ᠰᠠᠭᠤᠬᠤ ᠳᠤ ᠪᠠᠭ᠎ᠠ ᠶᠢᠨ ᠦᠶ᠎ᠡ ᠮᠢᠨᠢ ᠪᠤᠳᠤᠭᠳᠠᠨ᠎ᠠ᠃      ᠮᠢᠨᠦ ᠨᠣᠳᠤᠭ ᠪᠣᠯ ᠨᠢᠳᠦ ᠠᠯᠳᠠᠮ᠎ᠠ ᠰᠠᠷᠠᠭᠤᠯ ᠲᠠᠯ᠎ᠠ ᠶᠤᠮ᠃ ᠭᠡᠪᠡᠴᠤ ᠠᠶᠢᠯ ᠠᠴᠠ ᠪᠠᠷᠠᠭᠤᠨ ᠡᠮᠦᠨᠡᠰᠢ ᠬᠤᠶᠠᠷᠬᠠᠨ ᠭᠠᠵᠠᠷ ᠵᠠᠢ ᠲᠠᠢ ᠪᠣᠳᠠ ᠪᠣᠷᠭᠠᠰᠦ ᠬᠦᠬᠡᠷᠡᠭᠰᠡᠨ ᠪᠢᠲᠡᠭᠦᠦ ᠮᠠᠩᠬ᠎ᠠ ᠪᠠᠶᠢᠳᠠᠭ᠃ ᠳᠡᠭᠦᠨ ᠢᠶᠠᠨ ᠮᠠᠨ ᠤ ᠎ ᠬᠢᠨ ᠴᠠᠭᠠᠨ ᠮᠠᠩᠬ᠎ᠠ ᠭᠡᠵᠦ ᠨᠡᠷᠡᠯᠡᠳᠡᠭ᠃ ᠲᠡᠷᠡ ᠦᠶ᠎ᠡ ᠳᠤ ᠮᠠᠨ ᠤ ᠨᠣᠳᠤᠭ ᠲᠤ ᠬᠦᠮᠦᠨ ᠠᠮᠢᠲᠠᠨ ᠴᠥᠬᠡᠨ ᠲᠤᠯᠠ ᠪᠠᠶᠢᠭᠠᠯᠢ ᠭᠡᠳᠡᠭ ᠴᠦ ᠪᠠᠶᠠᠨ ᠲᠠᠷᠬᠠᠭ ᠬᠡᠪ ᠢᠶᠠᠷ ᠢᠶᠠᠨ᠂ ᠤᠡᠭᠭᠠᠷᠢᠯ ᠣᠨᠠᠪᠠᠯ ᠤᠳᠠ ᠤᠷᠭᠤᠨ᠎ᠠ᠂ ᠵᠤᠭ᠎ᠠ ᠤᠨᠠᠪᠠᠯ ᠬᠠᠶᠢᠯᠠᠰᠦ ᠤᠷᠭᠤᠨ᠎ᠠ᠃ ᠬᠠᠨᠭ᠍ᠰᠢ ᠪᠣᠯᠬᠤ ᠳᠤ ᠨᠤᠭᠤᠭ᠎ᠠ ᠶᠢᠨ ᠤᠨᠢᠶᠠᠷ ᠰᠡᠩᠰᠡᠷᠡᠵᠦ ᠪᠣᠷᠣᠭᠠᠨ ᠤ ᠡᠭᠦᠯᠡ ᠲᠦᠯᠬᠢᠯᠡᠨ᠎ᠡ᠃ ᠬᠠᠪᠤᠷ ᠤᠨ ᠨᠤᠭᠤᠭ᠎ᠠ ᠬᠠᠮᠤᠭ ᠤᠨ ᠲᠦᠷᠦᠭᠦᠦ ᠮᠠᠩᠬᠠᠨ ᠤ ᠡᠭᠡᠪᠤᠷ ᠲᠤ ᠴᠤᠬᠤᠶᠢᠳᠠᠭ ᠪᠤᠯᠬᠤᠷ ᠬᠠᠪᠤᠷ ᠢ ᠪᠢᠳᠡ ᠮᠠᠩᠬᠠᠨ ᠠᠴᠠ ᠳᠣᠰᠳᠠᠭ᠃      ᠬᠠᠪᠣᠷ ᠪᠤᠯᠤᠭᠠᠳ ᠬᠠᠯᠠᠭᠠᠢ ᠭᠠᠷᠪᠠᠯ ᠪᠢᠳᠡ᠄ ︽ᠮᠦᠡᠭᠭᠦᠨ ᠳᠤ ᠠᠳᠠᠯᠢ ᠡᠯᠡᠰᠦ ᠮᠠᠩᠬ᠎ᠠ ᠡ ᠬᠦᠢ︾ ᠭᠡᠵᠦ ᠠᠶᠠᠯᠭᠤᠯᠠᠭᠰᠠᠭᠠᠷ ᠮᠠᠩᠬ᠎ᠠ ᠥᠭᠡᠳᠡ ᠮᠠᠴᠣᠳᠠᠭ᠃ ᠲᠡᠭᠡᠬᠦ ᠳᠤ ᠬᠥᠪᠴᠢᠨ ᠨᠤᠭᠤᠭᠠᠨ ᠤᠢ ᠶᠢᠨ ᠳᠤᠳᠤᠷ᠎ᠠ ᠬᠥᠬᠦᠭᠡ ᠰᠢᠪᠠᠭᠤ ᠳᠤᠩᠭᠤᠳᠴᠤ ᠬᠥᠬᠡ ᠡᠪᠡᠰᠦᠨ ᠤ ᠨᠠᠮᠠᠭᠠᠨ ᠳᠡᠭᠡᠭᠦᠷ ᠥᠷᠯᠦᠭᠡ ᠶᠢᠨ ᠰᠢᠭᠦᠳᠡᠷᠢ ᠪᠦᠡᠭᠵᠢᠭᠢᠨᠡᠵᠦ ᠴᠠᠭ ᠤᠨ ᠳᠡᠯᠭᠡᠷ ᠰᠠᠶᠢᠬᠠᠨ ᠣᠯᠠᠷᠢᠯ ᠬᠦᠮᠦᠨ ᠤ ᠰᠡᠳᠬᠢᠯ ᠢ ᠪᠠᠶᠠᠰᠬᠠᠨ᠎ᠠ᠃ ᠮᠠᠩᠬᠠᠨ ᠳᠡᠭᠡᠷ᠎ᠡ ᠪᠠᠨ ᠭᠠᠷᠤᠭᠠᠳ ᠬᠤᠯᠠ ᠶᠢ ᠪᠠᠷᠠᠯᠠᠪᠠᠯ ᠵᠢᠷᠪᠢᠰ ᠵᠢᠷᠪᠢᠰ ᠵᠡᠷᠭᠡᠯᠭᠡᠨ ᠯᠡ ᠳᠡᠭᠷᠢ ᠭᠠᠵᠠᠷ ᠢ ᠬᠤᠯᠪᠣᠨ᠎ᠠ᠃ ᠳᠡᠭᠡᠬᠦ ᠳᠤ ᠯᠡ ᠮᠢᠨᠦ ᠨᠢᠯᠬᠠᠰᠠᠭ ᠪᠤᠳᠤᠯ ᠳᠤ ᠳᠡᠭᠷᠢ ᠶᠢᠨ ᠬᠠᠶᠠᠭ᠎ᠠ ᠭᠡᠳᠡᠭ ᠴᠢᠨᠢ ᠳᠡᠶᠢᠮᠦ  ᠴᠤ ᠬᠤᠯᠡ ᠪᠢᠰᠢ ᠰᠠᠨᠠᠭᠳᠠᠵᠦ ᠪᠠᠶᠢᠭᠰᠠᠨ᠃      ᠮᠠᠩᠬᠠᠨ ᠣᠷᠣᠢ ᠪᠠᠷ ᠨᠤᠭᠤᠭᠠᠨ ᠡᠭᠦᠯᠡ ᠰᠠᠭᠤᠭᠰᠠᠨ ᠰᠢᠭ᠋ ᠬᠠᠶᠢᠯᠠᠰᠦᠨ ᠪᠣᠳᠠ ᠬᠥᠭᠡᠷᠡᠨ᠎ᠡ  ᠃ ᠬᠠᠶᠢᠯᠠᠰᠤᠨ ᠪᠣᠳᠠᠨ ᠤ ᠰᠡᠭᠦᠳᠡᠷ ᠲᠤ ᠪᠢᠳᠡ ︽ᠭᠡᠷ︾᠎ ᠎ ᠢᠶᠠᠨ ᠪᠠᠷᠢᠨ᠎ᠠ᠃ ᠲᠡᠭᠡᠭᠡᠳ ᠮᠠᠩᠬᠠᠨ ᠬᠤᠳᠤᠭᠤᠷ ᠠᠴᠠ ᠴᠢᠯᠠᠭᠤ ᠲᠡᠭᠦᠵᠦ ᠴᠠᠭᠠᠨ ᠴᠠᠭᠠᠨ ᠢᠶᠠᠷ ᠨᠢ ︽ᠬᠤᠨᠢ︾᠎ ᠪᠠᠨ ᠪᠤᠯᠭᠠᠵᠦ ᠠᠯᠠᠭ ᠡᠷᠢᠶᠡᠨ ᠢᠶᠠᠷ ᠨᠢ ︽ᠠᠳᠤᠭᠤ︾᠎ ᠪᠠᠨ ᠪᠤᠯᠭᠠᠵᠦ ᠮᠤᠩᠭᠤᠯ ︽ᠠᠮᠢᠳᠤᠷᠠᠯ︾᠎ ᠢᠶᠠᠨ ᠡᠳ᠋ᠯᠡᠨ᠎ᠡ᠃ ᠨᠢᠭᠡ ᠤᠳᠠᠭ᠎ᠠ ᠪᠢ ︽ᠠᠳᠤᠭᠤ︾᠎ ᠪᠠᠨ ᠬᠤᠮᠢᠵᠦ ᠲᠠᠯᠪᠢᠭᠠᠳ ︽ᠮᠠᠨᠠᠭᠠᠨ︾᠎ ᠳᠤ ᠭᠠᠷᠤᠭᠰᠠᠨ ᠦᠭᠡᠢ᠃ ᠮᠠᠷᠭᠠᠰᠢ ᠥᠷᠯᠦᠭᠡ ᠨᠢ ᠣᠴᠢᠬᠤ ᠳᠤ ︽ᠠᠳᠣᠭᠤ︾ ᠮᠢᠨᠢ ᠬᠠᠷᠢᠨ ᠰᠦᠷᠦᠭ ᠢᠶᠠᠷ ᠢᠶᠠᠨ ᠠᠯᠠᠭ᠎ᠠ᠃ ᠰᠠᠶᠢᠬᠠᠨ ᠠᠵᠢᠭᠯᠠᠭᠰᠠᠨ ᠴᠢᠨᠢ ᠠᠯᠠᠭᠳᠠᠭ᠎ᠠ ᠰᠢᠷᠦᠢ ᠰᠠᠴᠤᠭᠠᠳ ︽ᠠᠳᠣᠭᠤ︾᠎ ᠶᠢ ᠮᠢᠨᠢ ᠪᠦᠷ ᠮᠠᠩᠬ᠎ᠠ ᠪᠠᠷ ᠪᠣᠯᠠᠴᠢᠬᠠᠭᠰᠠᠨ ᠪᠠᠶᠢᠵᠠᠢ᠃ ᠠᠯᠳᠠᠭᠰᠠᠨ ︽ᠠᠳᠤᠭᠤ︾᠎ ᠪᠠᠨ ᠣᠯᠵᠦ ᠠᠪᠤᠭᠠᠳ ᠪᠢ ᠮᠠᠨ ᠤ ᠨᠣᠳᠤᠭ ᠲᠤ ᠬᠤᠯᠠᠭᠠᠶᠢᠴᠢ ᠦᠭᠡᠢ ᠭᠡᠳᠡᠭ ᠢ ᠢᠲᠡᠭᠡᠪᠡ᠃      ᠦᠬᠢᠳ ᠤᠨ ᠨᠠᠭᠠᠳᠤᠮ ᠭᠡᠵᠦ ᠬᠦᠪᠡᠭᠦᠳ ᠤᠨ ᠨᠠᠭᠠᠳᠤᠮ ᠲᠠᠢ ᠳᠠᠭᠠᠷᠠᠬᠤ ᠦᠭᠡᠢ᠃  ᠲᠡᠳᠡ ᠲᠠᠯ᠎ᠠ ᠶᠢᠨ ᠳᠤᠮᠳᠠ ᠠᠴᠠ ᠴᠠᠬᠢᠯᠳᠠᠭ ᠲᠡᠭᠦᠭᠡᠳ ᠲᠠᠲᠠᠭᠤᠷ ᠬᠦᠷᠦᠨ᠎ᠡ᠂ ᠬᠠᠳᠬᠤᠭᠤᠷ ᠬᠦᠷᠦᠨ᠎ᠡ᠃ ᠪᠠᠰᠠ ᠪᠤᠭᠤ ᠰᠣᠭᠤ᠂ ᠲᠡᠮᠡᠭᠡ ᠢᠮᠠᠭ᠎ᠠ ᠵᠦᠢᠯ ᠤᠨ ᠠᠮᠢᠲᠠᠨ ᠬᠦᠷᠦᠨ᠎ᠡ᠃ ᠵᠠᠷᠢᠮ ᠨᠢ ᠬᠦᠷᠦᠭᠰᠡᠨ ᠲᠠᠳᠠᠭᠤᠷ ᠤᠨ ᠢᠶᠠᠨ ᠲᠡᠭᠡᠷ᠎ᠡ ᠴᠡᠴᠡᠭ ᠬᠠᠳᠬᠤᠵᠦ ᠲᠤᠯᠤᠭᠠᠢ ᠳᠡᠭᠡᠷ᠎ᠡ ᠪᠠᠨ ᠵᠡᠭᠦᠨ᠎ᠡ᠃ ᠲᠡᠭᠡᠬᠦ ᠳᠤ ᠠᠯᠢ ᠨᠢᠭᠡ ᠬᠦᠦ ᠶᠢᠨ ᠠᠯᠢᠶ᠎ᠠ ᠨᠢ ᠬᠦᠳᠡᠯᠵᠦ : ︽ᠡᠨᠡ ᠮᠠᠭᠤ ᠦᠬᠢᠨ᠂ ᠬᠦᠷᠭᠡᠨ ᠳᠤ ᠮᠤᠷᠳᠠᠬᠤ ᠬᠡᠵᠦ ᠪᠠᠶᠢᠨ᠎ᠠ  ︾ ᠭᠡᠵᠦ ᠬᠤᠷᠤᠰᠬᠠᠴᠢᠬᠠᠭᠠᠳ ᠨᠦᠭᠦᠭᠡᠲᠡᠬᠢ ᠪᠠᠨ ᠤᠭᠢᠯᠠᠭᠤᠯᠵᠦ ᠪᠠᠶᠢᠭᠰᠠᠨ᠃ ᠦᠬᠢᠨ ᠬᠦᠮᠦᠨ ᠤ ᠰᠡᠳᠬᠢᠯ ᠭᠡᠭᠴᠢ ᠮᠠᠩᠬᠠᠨ ᠳᠤ ᠤᠷᠭᠤᠭᠰᠠᠨ ᠴᠡᠴᠡᠭ ᠰᠢᠭ ᠴᠡᠪᠡᠷ ᠬᠡᠪᠡᠷᠡᠭ ᠶᠤᠮ ᠪᠠᠶᠢᠨ᠎ᠠ᠃      ᠲᠠᠪᠢᠭᠠᠳ ᠣᠨ ᠤ ᠲᠤᠮᠳᠠᠴᠢ ᠪᠠᠷ ᠨᠣᠳᠤᠭ ᠲᠤ ᠪᠠᠨ ᠬᠠᠶᠠ ᠪᠣᠴᠠᠬᠤ ᠳᠤ ᠨᠤᠭᠤᠭᠠᠨ ᠮᠤᠳᠤ ᠤᠨᠠᠬᠤ ᠪᠣᠯᠪᠠ᠃ ᠴᠠᠭᠠᠨ ᠮᠠᠩᠬ᠎ᠠ ᠨᠡᠭᠦᠭᠦ ᠪᠣᠯᠪᠠ᠃ ᠪᠦᠷ ᠰᠡᠭᠦᠯ ᠳᠤ ᠪᠠᠨ ᠡᠭᠦᠯᠡ ᠠᠳᠠᠯᠢ ᠨᠤᠭᠤᠭᠠᠨ ᠮᠣᠳᠣᠨ ᠤ ᠣᠷᠣ ᠎ ᠨᠢ ᠴᠤ ᠪᠠᠯᠠᠷᠠᠭᠠᠳ ᠠᠭᠤᠯᠠ ᠠᠳᠠᠯᠢ ᠴᠠᠭᠠᠨ ᠮᠠᠩᠬᠠᠨ ᠤ ᠮᠦᠷ ᠨᠢ ᠴᠤ ᠠᠷᠢᠯᠪᠠ᠃ ᠬᠦᠮᠦᠨ᠂ ᠬᠦᠮᠦᠨ ᠤ ᠪᠠᠨ ᠬᠠᠶᠢᠷ᠎ᠠ ᠶᠢ ᠠᠯᠳᠠᠬᠤ ᠪᠠᠷ ᠪᠠᠷᠠᠬᠤ ᠦᠭᠡᠢ ᠪᠠᠶᠢᠭᠠᠯᠢ ᠶᠢᠨ ᠬᠠᠶᠢᠷ᠎ᠠ ᠶᠢ ᠴᠤ ᠠᠯᠳᠠᠳᠠᠭ ᠶᠤᠮ ᠪᠠᠶᠢᠨ᠎ᠠ᠃ ᠮᠠᠨ ᠤ ᠪᠠᠭ᠎ᠠ ᠳᠤ ᠮᠠᠩᠬᠠᠨ ᠤ ᠳᠡᠭᠡᠷ᠎ᠡ ᠠᠶᠢᠯ ᠤᠨ ᠬᠡᠦᠬᠡᠳ ᠤᠨ ᠠᠯᠢᠶᠠᠷᠬᠠᠵᠦ ᠲᠤᠭᠯᠠᠭᠰᠠᠨ ᠮᠦᠷ ᠠᠴᠠ ᠥᠭᠡᠷ᠎ᠡ ᠮᠦᠷ ᠬᠠᠷᠠᠭᠳᠠᠬᠤ ᠦᠭᠡᠢ ᠪᠠᠶᠢᠭᠰᠠᠨ ᠶᠤᠮ᠃ ᠬᠤᠵᠢᠮ ᠨᠢ  ᠪᠣᠯᠬᠤ ᠳᠤ ᠬᠦᠷᠵᠡᠨ ᠤ ᠮᠦᠷ ᠬᠤᠴᠤᠷᠤᠭᠠᠳ ᠬᠦᠬᠡᠷᠡᠬᠦ ᠣᠷᠭᠤᠮᠠᠯ ᠤᠨ ᠨᠤᠭᠤᠭᠠᠨ ᠮᠦᠷ ᠯᠡ ᠲᠠᠯᠢᠢᠵᠦ ᠡᠬᠢᠯᠡᠵᠡᠢ᠃      ᠪᠢ ᠨᠣᠳᠤᠭ ᠤᠨ ᠲᠣᠷᠰᠣᠮᠵᠢ ᠬᠠᠳᠠᠭᠠᠯᠠᠵᠦ ᠨᠣᠳᠤᠭ ᠠᠴᠠ ᠪᠠᠨ ᠰᠠᠯᠤᠯ᠎ᠠ᠃ ᠪᠠᠭ᠎ᠠ ᠶᠢᠨ ᠦᠶ᠎ᠡ ᠠᠴᠠ ᠪᠠᠨ ᠰᠠᠯᠤᠯ᠎ᠠ᠃      ᠡᠭᠦᠯᠡ ᠠᠳᠠᠯᠢ ᠨᠤᠭᠤᠭᠠᠨ ᠲᠠᠶᠢᠭ᠎ᠠ᠂ ᠠᠭᠤᠯᠠ ᠠᠳᠠᠯᠢ ᠴᠠᠭᠠᠨ ᠮᠠᠩᠬ᠎ᠠ︕ ᠨᠣᠳᠤᠭ ᠤᠨ ᠨᠣᠭᠤᠭᠠᠨ ᠳᠣᠷᠰᠣᠮᠵᠢ ᠡ ᠁      ᠬᠤᠶᠠᠷ ᠱᠠᠩᠰᠢ ᠶᠢᠨ ᠬᠤᠯᠠ ᠶᠢᠨ ᠪᠠᠷ᠎ᠠ      ᠮᠠᠨ ᠤ ᠠᠶᠢᠯ ᠤᠨ ᠤᠷᠢᠳᠠᠢ ᠬᠤᠯᠠ ᠶᠢᠨ ᠬᠤᠯᠠ ᠠᠴᠠ ᠬᠦᠬᠡᠷᠡᠵᠦ ᠬᠠᠷᠠᠭᠳᠠᠬᠤ ᠬᠤᠶᠠᠷ ᠱᠠᠩᠰᠢ ᠪᠠᠶᠢᠭᠰᠠᠨ ᠶᠤᠮ᠃ ᠡᠨᠡ ᠬᠤᠶᠠᠷ ᠱᠠᠩᠰᠢ ᠳᠡᠭᠷᠢ ᠶᠢᠨ ᠬᠡᠰᠢᠭ᠂ ᠭᠠᠵᠠᠷ ᠤᠨ  ᠲᠦᠰᠢᠭ ᠢ ᠵᠡᠷᠭᠡ ᠪᠠᠷ ᠬᠦᠷᠳᠡᠵᠦ ᠨᠢᠭᠡ ᠯᠡ ᠵᠢᠯ ᠴᠤᠬᠠᠭᠠᠷ ᠣᠷᠭᠤᠭᠰᠠᠨ ᠭᠡᠵᠦ ᠨᠤᠳᠤᠭ ᠤᠨ ᠨᠠᠰᠣᠳᠠᠶᠢᠴᠤᠯ ᠬᠡᠯᠡᠯᠴᠡᠳᠡᠭ᠃ ᠶᠠᠭᠤ ᠴᠤ ᠭᠡᠰᠡᠨ ᠨᠠᠮ᠎ᠠ ᠶᠢ ᠮᠡᠳᠡᠭᠡ ᠣᠷᠣᠬᠤ ᠳᠤ ᠡᠨᠡ ᠬᠤᠶᠠᠷ ᠱᠠᠩᠰᠢ ᠶᠢᠨ ᠨᠠᠮᠠᠭ᠎ᠠ ᠨᠢ ᠭᠠᠵᠠᠷ ᠰᠢᠭᠦᠷᠡᠵᠦ ᠨᠠᠪᠴᠢ ᠨᠢ ᠳᠡᠭᠷᠢ ᠬᠠᠯᠬᠠᠯᠠᠭᠠᠳ ᠬᠡᠳᠦᠨ ᠠᠷᠪᠠᠨ ᠭᠠᠵᠠᠷ ᠤᠨ ᠬᠤᠯᠠ ᠠᠴᠠ ᠬᠦᠬᠡᠷᠡᠵᠦ ᠬᠠᠷᠠᠭᠳᠠᠳᠠᠭ᠃      ᠳᠡᠯᠭᠡᠷᠡᠬᠦ ᠳᠦᠷᠪᠡᠨ ᠰᠠᠷ᠎ᠠ ᠶᠢᠨ ᠦᠶ᠎ᠡ ᠪᠠᠷ ᠬᠤᠶᠠᠷ ᠱᠠᠩᠰᠢ ᠶᠢ ᠲᠤᠭᠤᠷᠢᠭᠠᠳ ᠴᠠᠬᠢᠯᠳᠠᠭ ᠬᠦᠬᠡᠷᠡᠵᠦ ᠬᠦᠯᠦᠭᠡ ᠬᠠᠯᠢᠭᠤᠷᠠᠨ᠎ᠠ᠃ ᠬᠤᠶᠠᠷ ᠱᠠᠩᠰᠢ ᠶᠢᠨ ᠨᠠᠮᠠᠭᠠᠨ ᠳᠤᠤᠭᠤᠷ ᠨᠢ ᠰᠢᠷᠭᠤᠵᠦ ᠤᠷᠤᠭᠠᠳ ᠰᠡᠭᠦᠳᠡᠷ ᠲᠤᠤᠷ᠎ᠠ ᠎ ᠨᠢ ᠰᠠᠭᠤᠪᠠᠯ ᠶᠠᠭ ᠯᠡ ᠨᠤᠭᠤᠭᠠᠨ ᠳᠤᠷᠭᠠᠨ ᠴᠤᠮᠴᠤᠭ ᠲᠤ ᠤᠷᠤᠭᠰᠠᠨ ᠠᠳᠠᠯᠢ᠃      ᠪᠢᠳᠡ ᠪᠠᠭ᠎ᠠ ᠳᠤ ᠪᠠᠨ ᠱᠠᠩᠰᠢ ᠶᠢᠨ ᠨᠠᠮᠠᠭᠠᠨ ᠠᠴᠠ ᠤᠶᠠᠭᠰᠠᠨ ᠦᠡᠭᠭᠡ ᠦᠡᠭᠭᠡ ᠶᠢᠨ ᠪᠥᠰ ᠤᠨ ᠦᠭᠡᠳᠡᠰᠦ ᠶᠢ ᠦᠵᠡᠭᠡᠳ ᠶᠡᠭᠡ ᠯᠡ ᠭᠠᠶᠢᠬᠠᠳᠠᠭ ᠪᠠᠶᠢᠵᠠᠢ᠃ ᠭᠡᠪᠡᠴᠦ ᠬᠤᠶᠠᠷ ᠱᠠᠩᠰᠢ ᠶᠢᠨ  ᠤᠡᠭᠭᠤᠨ ᠲᠠᠷᠬᠠᠨ ᠰᠦᠷ ᠠᠴᠠ ᠪᠤᠯᠵᠦ ᠳᠡᠭᠡᠷ᠎ᠡ ᠨᠢ ᠭᠠᠷ ᠬᠦᠷᠳᠡᠭ ᠬᠦᠮᠦᠨ ᠦᠭᠡᠢ᠂ ᠭᠡᠷ ᠲᠤ ᠪᠠᠨ ᠬᠠᠷᠢᠭᠠᠳ ᠠᠪᠤ ᠡᠵᠢ ᠠᠴᠠ ᠪᠠᠨ ᠠᠰᠠᠭᠤᠪᠠᠯ ᠦᠷ᠎ᠡ ᠬᠡᠣᠬᠡᠳ ᠤᠨ ᠢᠶᠠᠨ ᠡᠷᠡᠭᠦᠯ ᠡᠩᠬᠡ ᠎ ᠶᠢ ᠨᠣᠳᠤᠭ ᠤᠨ ᠰᠠᠪᠳᠠᠭ ᠲᠤ ᠪᠠᠨ ᠳᠠᠭᠠᠳᠬᠠᠭᠰᠠᠨ ᠡᠬᠡ ᠬᠦᠮᠦᠨ ᠤ ᠰᠡᠳᠬᠢᠯ ᠶᠤᠮ ᠭᠡᠨ᠎ᠡ᠃ ᠪᠤᠳᠤᠪᠠᠯ ᠪᠠᠰᠠ ᠴᠤ ᠰᠠᠶᠢᠬᠠᠨ ᠪᠡᠯᠭᠡᠳᠡᠵᠡᠢ  —  ᠰᠠᠯᠠᠭ᠎ᠠ ᠨᠠᠮᠠᠭ᠎ᠠ ᠳᠡᠯᠭᠡᠷᠡᠵᠦ ᠦᠷ᠎ᠡ ᠦᠨᠳᠦᠰᠦ ᠵᠠᠯᠭᠠᠬᠤ ᠶᠢ ᠳᠡᠭᠷᠢ ᠭᠠᠵᠠᠷ ᠤᠨ ᠬᠤᠭᠤᠷᠤᠨᠳᠤ ᠰᠦᠭᠯᠡᠶᠢᠵᠦ ᠪᠠᠶᠢᠭ᠎ᠠ ᠤᠷᠭᠤᠭ᠎ᠠ ᠨᠤᠭᠤᠭᠠᠨ ᠮᠤᠳᠤᠨ ᠳᠤ ᠯᠡ ᠢᠲᠡᠭᠡᠯ ᠡᠷᠭᠦᠮᠡᠷ ᠶᠤᠮ᠃ ᠦᠷ᠎ᠡ ᠣᠭᠰᠠᠭ᠎ᠠ ᠳᠠᠰᠤᠷᠠᠭ᠎ᠠ ᠦᠭᠡᠢ ᠮᠠᠨ ᠤ ᠮᠤᠩᠭᠤᠯᠴᠣᠳ ᠤᠨ ᠨᠣᠳᠤᠭ ᠤᠨ ᠰᠢᠳᠦᠭᠡᠨ ᠳᠤ ᠪᠠᠨ ᠢᠲᠡᠭᠡᠯ ᠡᠷᠭᠦᠬᠦ ᠵᠠᠩ ᠵᠠᠩᠰᠢᠯ ᠢ ᠬᠡᠨ ᠪᠤᠷᠤᠭᠤ ᠭᠡᠬᠦ ᠪᠣᠢ︖  ᠪᠠᠭ᠎ᠠ ᠳᠤ ᠪᠠᠨ ᠪᠢᠳᠡ ᠬᠤᠶᠠᠷ ᠱᠠᠩᠰᠢ ᠶᠢᠨ ᠬᠠᠪᠢ ᠪᠠᠷ ᠲᠤᠭᠤᠯ ᠬᠠᠷᠢᠭᠤᠯᠳᠠᠭ ᠪᠠᠶᠢᠯ᠎ᠠ᠃ ᠬᠤᠶᠠᠷ ᠱᠠᠩᠰᠢ ᠬᠤᠭᠤᠷᠤᠨᠳᠣ ᠪᠠᠨ ᠬᠤᠷᠢᠭᠠᠳ ᠠᠯᠬᠤᠮ ᠵᠠᠢ ᠲᠠᠢ᠃ ᠪᠢᠳᠡ ᠬᠤᠶᠠᠷ ᠱᠠᠩᠰᠢ ᠶᠢᠨ ᠰᠠᠯᠠᠭᠠᠨ ᠳᠡᠭᠡᠷ᠎ᠡ ᠨᠢ ᠰᠠᠭᠤᠴᠢᠬᠠᠭᠠᠳ ᠴᠠᠬᠢᠯᠳᠠᠭ ᠵᠠᠯᠭᠠᠵᠦ ᠨᠢᠭᠡ ᠨᠢᠭᠡᠨ ᠳᠤ ᠪᠠᠨ ︽ᠣᠳᠠᠰᠤ︾ ᠶᠠᠪᠤᠭᠤᠯᠤᠨ᠎ᠠ᠃ ︽ᠲᠤᠭᠤᠯ ᠢᠶᠠᠨ ᠡᠷᠭᠢᠬᠦᠯ —  ᠪᠦᠭᠡᠷ᠎ᠡ ᠠᠯᠠᠭ ᠴᠢᠨᠢ ᠪᠦᠮᠪᠦᠷ ᠪᠦᠮᠪᠦᠷ ᠶᠠᠪᠤᠯ᠎ᠠ︕︾ ︽ᠮᠢᠨᠦᠬᠢ ᠪᠢᠰᠢ —  ᠮᠢᠨᠦᠬᠢ ᠪᠢᠰᠢ᠂ ᠰᠡᠭᠦᠵᠢ ᠠᠯᠠᠭ ᠲᠤᠭᠤᠯ ᠴᠢᠨᠢ ᠰᠡᠭᠦᠯ ᠢᠶᠠᠨ ᠡᠷᠭᠦᠭᠡᠳ ᠶᠠᠪᠤᠯ᠎ᠠ︕  ︾ ᠭᠡᠵᠦ ᠲᠤᠭᠤᠯ ᠢᠶᠠᠨ ᠬᠠᠷᠢᠭᠤᠯᠵᠦ ᠶᠠᠪᠤᠬᠤ ᠳᠤ ᠪᠠᠨ ᠪᠢᠳᠡ ᠪᠠᠰᠠ ᠬᠦᠮᠦᠨ ᠤ ᠤᠷᠴᠢᠯᠠᠩ ᠤᠨ ᠪᠤᠯᠪᠠᠰᠤᠨ ᠳᠤ ᠬᠦᠰᠡᠯᠡᠩ ᠤᠨ ᠵᠢᠯᠣᠭᠤ ᠰᠣᠩᠭᠤᠵᠦ ︽ᠣᠳᠠᠰᠣ︾᠎ ᠪᠠᠷ ᠬᠡᠯᠡᠯᠴᠡᠵᠦ ᠪᠠᠶᠢᠵᠠᠢ᠃ ᠬᠠᠷᠠᠮᠰᠠᠯᠳᠠᠢ ᠨᠢ ᠮᠠᠨ ᠤ ᠬᠡᠳᠤᠨ ︽ᠲᠤᠭᠤᠯᠴᠢᠳ︾᠎ ᠠᠴᠠ ᠣᠳᠣ ᠴᠠᠭ ᠤᠨ ᠭᠠᠶᠢᠬᠠᠮᠰᠢᠭ ᠢ ᠭᠠᠷ ᠢᠶᠠᠷ ᠢᠶᠠᠨ ᠪᠦᠳᠦᠭᠡᠬᠦ ᠡᠷᠳᠡᠮᠳᠡᠨ ᠮᠡᠷᠭᠡᠵᠢᠯᠲᠡᠨ ᠭᠠᠷᠬᠤ ᠶᠢ ᠪᠠᠶᠢᠳᠤᠭᠠᠢ᠂ ᠲᠤᠭᠤᠯ ᠤᠨ ᠪᠡᠯᠴᠢᠭᠡᠷ ᠠᠴᠠ ᠪᠠᠨ ᠰᠠᠯᠤᠭᠰᠠᠨ ᠨᠢ ᠴᠤ ᠲᠤᠩ ᠬᠤᠪᠤᠷ᠂ ᠣᠳᠤ ᠴᠤ ᠭᠡᠳ ᠡᠶᠢᠮᠦ ᠪᠠᠶᠢᠭ᠎ᠠ ᠶᠢ ᠪᠤᠳᠤᠪᠠᠯ ᠰᠡᠭᠦᠷᠡᠰᠦ ᠠᠯᠳᠠᠮᠠᠷ ᠶᠤᠮ᠃       ᠬᠤᠷᠢᠭᠠᠳ ᠵᠢᠯ ᠤᠨ ᠡᠮᠦᠨᠡᠬᠢ ᠨᠢᠭᠡᠨ ᠨᠠᠮᠦᠷ ᠪᠢ ᠨᠣᠳᠤᠭ ᠲᠤ ᠪᠠᠨ ᠬᠠᠷᠢᠯ᠎ᠠ᠃ ᠴᠠᠭ ᠲᠥᠷᠦ ᠶᠢᠨ ᠦᠢᠮᠡᠭᠡᠨ ᠳᠤ ᠰᠡᠳᠬᠢᠯ ᠡᠪᠳᠡᠷᠡᠵᠦ ᠦᠳᠡᠰᠢ ᠶᠢᠨ ᠰᠡᠯᠡᠭᠦᠦ ᠳᠤ ᠭᠠᠭᠴᠠᠭᠠᠷ ᠢᠶᠠᠨ ᠬᠤᠶᠠᠷ ᠱᠠᠩᠰᠢ ᠶᠢᠨ ᠳᠡᠷᠭᠡᠳᠡ ᠬᠦᠷᠴᠦ ᠣᠶᠢᠳᠬᠠᠷ ᠲᠠᠶᠢᠯᠵᠦ ᠠᠯᠬᠤᠯ᠎ᠠ᠃ ᠨᠠᠮᠦᠷ ᠤᠨ ᠰᠢᠷᠭᠠᠯ ᠨᠠᠪᠴᠢᠰ ᠥᠭᠡᠳᠡ ᠠᠴᠠ ᠮᠢᠨᠢ ᠪᠣᠳᠠᠷᠠᠨ᠎ᠠ᠃ ᠲᠠᠨᠢᠯ ᠳᠠᠰᠤᠯ ᠬᠤᠶᠠᠷ ᠱᠠᠩᠰᠢ ᠮᠢᠨᠢ ᠣᠶᠢᠳᠬᠠᠷᠳᠡᠢ ᠱᠣᠣᠭᠢᠨ᠎ᠠ᠃ ᠳᠤᠭᠤᠯᠭ᠎ᠠ ᠰᠢᠭ᠋ ᠬᠦᠨᠳᠦ ᠪᠤᠳᠤᠯ ᠳᠤ ᠳᠠᠷᠤᠭᠳᠠᠵᠦ ᠪᠠᠭ᠎ᠠ ᠶᠢᠨ ᠦᠶ᠎ᠡ ᠶᠢᠨ ᠲᠤᠭᠤᠯ ᠤᠨ ᠪᠡᠯᠴᠢᠭᠡᠷ ᠢᠶᠠᠷ ᠢᠶᠠᠨ ᠠᠯᠬᠤᠵᠦ ᠶᠠᠪᠤᠲᠠᠯ᠎ᠠ ᠤᠷᠳᠤ ᠠᠴᠠ ᠨᠢᠭᠡ ᠬᠦᠮᠦᠨ ᠲᠦᠯᠡᠭᠡ ᠡᠭᠦᠷᠤᠭᠡᠳ ᠠᠶᠢᠯ ᠥᠭᠡᠳᠡ ᠠᠶᠢᠰᠦᠢ᠃ ᠳᠣᠰᠣᠭᠠᠳ ᠣᠴᠢᠪᠠᠯ ᠲᠤᠭᠤᠯ ᠬᠠᠷᠢᠭᠤᠯᠤᠭᠠᠳ ᠬᠠᠮᠳᠦ ᠭᠦᠶᠦᠵᠦ ᠪᠠᠶᠢᠭᠰᠠᠨ ᠪᠠᠭ᠎ᠠ ᠶᠢᠨ ᠮᠢᠨᠢ ᠨᠠᠶᠢᠵᠠ ᠪᠠᠶᠢᠯ᠎ᠠ᠃ ᠲᠡᠷᠡ ᠲᠦᠯᠡᠭᠡ ᠪᠠᠨ ᠲᠠᠯᠪᠢᠵᠦ ᠨᠠᠮ᠎ᠠ ᠶᠢ ᠮᠡᠯᠡᠷᠡᠨ ᠬᠠᠷᠠᠭᠠᠳ ᠨᠢᠳᠦᠨ ᠳᠤ ᠨᠢ ᠨᠢᠯᠪᠦᠰᠦ ᠡᠷᠭᠢᠪᠡ᠃ ᠮᠢᠨᠦ ᠨᠢᠳᠦᠨ ᠳᠤ ᠴᠤ ᠵᠠᠶᠢᠷ ᠭᠦᠶᠦᠪᠡ᠃      ᠪᠢᠳᠡ ᠬᠤᠶᠠᠷ ᠪᠠᠭ᠎ᠠ ᠶᠢᠨ ᠦᠶ᠎ᠡ ᠶᠢᠨ ᠳᠣᠷᠰᠣᠮᠵᠢ ᠳᠤ ᠤᠨᠠᠯ᠎ᠠ ᠁    ︽ᠨᠣᠳᠤᠭ ᠮᠢᠨᠢ ᠬᠤᠪᠢᠷᠠᠵᠦ ᠪᠠᠶᠢᠨ᠎ᠠ᠂ ᠮᠠᠨ ᠤ ᠪᠠᠭ᠎ᠠ ᠶᠢᠨ ᠦᠶ᠎ᠡ ᠲᠠᠢ ᠲᠠᠭᠠᠷᠠᠬᠤ ᠦᠭᠡᠢ᠂ ᠴᠢ ᠦᠵᠡ︕ ︾ ᠭᠡᠳ ᠲᠡᠷᠡ ᠨᠠᠮ᠎ᠠ ᠶᠢ ᠳᠠᠭᠠᠭᠤᠯᠵᠦ ᠱᠠᠩᠰᠢ ᠮᠤᠳᠤᠨ ᠤ ᠳᠡᠷᠭᠡᠳᠡ ᠣᠴᠢᠪᠠ᠃ ᠬᠤᠶᠠᠷ ᠱᠠᠩᠰᠢ ᠶᠢᠨ ᠭᠤᠣᠯ ᠰᠠᠯᠠᠭ᠎ᠠ ᠨᠢ ᠠᠯᠢ ᠬᠡᠳᠦᠶᠢᠨ ᠰᠠᠷᠠᠨ ᠰᠦᠬᠡᠨ ᠤ ᠰᠢᠢᠳᠭᠡᠯ ᠳᠤ ᠣᠨᠴᠠᠷᠠᠴᠢᠬᠠᠭᠰᠠᠨ ᠪᠠᠶᠢᠪᠠ᠃ ᠪᠢ ᠶᠠᠭᠤ ᠴᠤ ᠬᠡᠯᠡᠭᠰᠡᠨ ᠦᠭᠡᠢ᠂ ᠵᠦᠪᠬᠡᠨ ᠣᠷᠳᠦ ᠭᠡᠭᠴᠢ ᠰᠡᠭᠦᠷᠡᠰᠦ ᠠᠯᠳᠠᠪᠠ᠃      ᠬᠡᠳᠦᠨ ᠡᠳᠦᠷ ᠤᠨ ᠳᠠᠷᠠᠭ᠎ᠠ᠂ ᠪᠢ ᠨᠣᠳᠤᠭ ᠠᠴᠠ ᠪᠠᠨ ᠠᠶᠠᠷᠯᠠᠪᠠ᠃      ᠵᠡᠭᠦᠨ ᠳᠠᠪᠠᠭᠠᠨ ᠳᠡᠭᠡᠷ᠎ᠡ ᠭᠠᠷᠣᠭᠠᠳ ᠠᠶᠢᠯ ᠤᠨ ᠢᠶᠠᠨ ᠵᠦᠭ ᠪᠠᠷᠠᠯᠠᠪᠠᠯ᠂ ᠬᠤᠶᠠᠷ ᠱᠠᠩᠰᠢ ᠮᠦᠨ ᠯᠡ ᠬᠤᠯᠠ ᠠᠴᠠ ᠰᠢᠷᠭᠠᠯᠳᠣᠨ ᠬᠠᠷᠠᠭᠳᠠᠨ᠎ᠠ᠃ ᠭᠡᠪᠡᠴᠦ ᠤᠷᠢᠳᠦ ᠤᠷᠢᠳᠤ ᠶᠢᠨ ᠢᠶᠠᠨ ᠰᠢᠭ᠋ ᠰᠦᠷ ᠵᠢᠪᠬᠤᠭ᠎ᠠ ᠦᠭᠡᠢ ᠪᠤᠯᠵᠠᠢ᠃  ᠲᠡᠷᠡ ᠴᠤ ᠠᠷᠭ᠎ᠠ ᠦᠭᠡᠢ᠂ ᠭᠤᠣᠯ ᠰᠠᠯᠠᠭ᠎ᠠ ᠪᠠᠨ ᠳᠠᠭᠠᠷᠢᠭᠤᠯᠴᠢᠬᠠᠭᠰᠠᠨ ᠶᠤᠮ ᠴᠢᠨᠢ᠃      ᠪᠢ ᠨᠣᠳᠤᠭ ᠠᠴᠠ ᠪᠠᠨ ᠰᠠᠯᠪᠠ᠃ ᠭᠤᠳᠤᠷᠠᠬᠤ ᠨᠠᠰᠤᠨ ᠤ ᠬᠢᠵᠠᠭᠠᠷ ᠳᠦᠬᠦᠭᠰᠡᠨ ᠬᠦᠮᠦᠨ ᠤ ᠰᠡᠳᠬᠢᠯ ᠭᠡᠭᠴᠢ ᠬᠡᠪᠡᠷᠡᠭ ᠪᠠᠶᠢᠵᠠᠢ᠃ ᠡᠨᠡ ᠤᠳᠠᠭ᠎ᠠ ᠨᠣᠳᠤᠭ ᠠᠴᠠ ᠪᠠᠨ ᠰᠠᠯᠬᠤ ᠳᠤ ᠮᠢᠨᠦ ᠨᠢᠳᠦᠨ ᠠᠴᠠ ᠨᠢᠯᠪᠦᠰᠦ ᠣᠨᠠᠪᠠ      ᠪᠢ ᠣᠷᠤᠭ᠎ᠠ ᠪᠣᠰᠬᠠᠭ᠎ᠠ ᠣᠨ ᠵᠢᠯ ᠳᠤ ᠬᠦᠮᠦᠨ ᠤ ᠬᠤᠷᠸ᠎ᠠ ᠳᠤ ᠢᠷᠡᠭᠡᠳ ᠬᠠᠲᠠᠭᠤ ᠪᠡᠷᠬᠡ ᠰᠠᠷ᠎ᠠ ᠡᠳᠦᠷ ᠲᠤ ᠪᠠᠭ᠎ᠠ ᠨᠠᠰᠤ ᠪᠠᠨ ᠲᠤᠭᠤᠯᠤᠭᠰᠠᠨ ᠶᠤᠮ᠃ ᠭᠡᠪᠡᠴᠦ ᠪᠢ ᠪᠠᠭ᠎ᠠ ᠶᠢᠨ ᠦᠶ᠎ᠡ ᠪᠠᠨ ᠳᠣᠷᠠᠰᠬᠤ ᠳᠣᠷᠠᠳᠠᠢ᠃ ᠪᠠᠭ᠎ᠠ ᠶᠢᠨ ᠦᠶ᠎ᠡ ᠶᠢᠨ ᠨᠣᠳᠤᠭ ᠢᠶᠠᠨ ᠳᠤᠷᠠᠰᠬᠤ ᠳᠤᠷᠠᠳᠠᠢ  ᠃ ᠡᠨᠡ ᠨᠢ ᠬᠦᠮᠦᠨ ᠤ ᠰᠡᠳᠬᠢᠯ ᠤᠨ ᠶᠡᠷᠦᠳᠡ ᠶᠢᠨ ᠵᠦᠢ ᠴᠤ ᠶᠤᠮ ᠳ᠋ᠠ︖ ᠲᠥᠷᠦᠭᠰᠡᠨ ᠨᠣᠳᠤᠭ —  ᠪᠠᠭ᠎ᠠ ᠨᠠᠰᠤ᠂ ᠬᠦᠮᠦᠨ ᠤ ᠠᠮᠢ ᠨᠠᠰᠤᠨ ᠤ ᠬᠠᠮᠤᠭ ᠤᠨ ᠠᠩᠬᠠᠨ ᠤ ᠥᠷᠳᠡᠭᠡ ᠪᠤᠯᠤᠭᠰᠠᠨ ᠤ ᠬᠤᠪᠢ ᠳᠤ ᠶᠠᠮᠠᠷ ᠪᠠᠶᠢᠯ᠎ᠠ ᠴᠤ ᠭᠡᠰᠡᠨ ᠰᠡᠳᠬᠢᠯ ᠵᠢᠷᠦᠬᠡᠨ ᠠᠴᠠ ᠭᠠᠷᠬᠤ ᠦᠭᠡᠢ᠃      ᠮᠢᠨᠦ ᠪᠠᠭ᠎ᠠ ᠨᠠᠰᠤᠨ ᠤ ᠳᠤᠷᠠᠰᠤᠯ ᠬᠡᠵᠢᠶ᠎ᠡ ᠴᠤ ᠨᠤᠭᠤᠭᠠᠨ︕
 
ᠢᠷᠡᠯᠲᠡ᠄ ᠯ᠊ ·ᠤᠳᠽᠠᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号