ᠲᠣᠭᠤᠷᠢᠭ ᠤᠨ ᠰᠤᠷᠭᠠᠨ ᠬᠥᠮᠦᠵᠢᠯ ᠵᠢᠭᠠᠨ ᠰᠤᠷᠭᠠᠯᠲᠠ ᠶᠢᠨ ᠰᠤᠳᠤᠯᠭᠠᠨ ᠤ ᠲᠥᠪ ᠪᠠᠭ᠎ᠠ ᠰᠤᠷᠭᠠᠭᠤᠯᠢ ᠎ ᠶᠢᠨ ᠠᠩᠭ᠍ᠯᠢ ᠬᠡᠯᠡᠨ ᠤ ᠵᠣᠬᠢᠶᠠᠯ ᠤᠨ ᠤᠷᠤᠯᠳᠤᠭᠠᠨ ᠤ ᠠᠵᠢᠯᠯᠠᠭ᠎ᠠ ᠶᠢ ᠵᠣᠬᠢᠶᠠᠨ ᠪᠠᠶᠢᠭᠤᠯᠪᠠ
ᠨᠡᠶᠢᠲᠡᠯᠡᠭᠰᠡᠨ ᠴᠠᠭ᠄
2021/1/13
     ᠪᠠᠶ᠋ᠬᠠᠤᠪᠤᠭ᠎ᠠ ᠠᠭᠤᠷᠬᠠᠶ ᠶᠢᠨ ᠲᠣᠭᠤᠷᠢᠭ ᠤᠨ ᠪᠠᠭ᠎ᠠ ᠰᠤᠷᠭᠠᠭᠤᠯᠢ ᠶᠢᠨ ᠠᠩᠭ᠍ᠯᠢ ᠬᠡᠯᠡᠨ ᠤ ᠬᠢᠴᠢᠶᠡᠯ ᠲᠥᠷᠥᠯ ᠤᠨ ᠬᠡᠪ ᠪᠣᠯᠪᠠᠰᠤᠷᠠᠯ ᠢ ᠤᠯᠠᠮ ᠨᠢᠭᠡ ᠠᠯᠬᠤᠮ ᠳᠡᠭᠡᠭᠰᠢᠯᠡᠭᠦᠯᠵᠦ᠂ ᠰᠤᠷᠭᠠᠭᠤᠯᠢ ᠶᠢᠨ ᠬᠦᠷᠢᠶᠡᠨ ᠤ ᠰᠣᠶᠣᠯ ᠤᠨ ᠠᠮᠢᠳᠤᠷᠠᠯ ᠢ ᠪᠠᠶᠠᠯᠢᠭᠵᠢᠭᠤᠯᠤᠨ᠂ ᠰᠤᠷᠤᠭᠴᠢᠳ ᠤᠨ ᠵᠣᠬᠢᠶᠠᠨ ᠪᠢᠴᠢᠬᠦ ᠬᠠᠯᠠᠭᠤᠨ ᠰᠡᠳᠬᠢᠯᠭᠡ ᠶᠢ ᠬᠥᠭᠵᠢᠭᠡᠵᠦ᠂ ᠰᠤᠷᠤᠭᠴᠢᠳ ᠤᠨ ᠵᠣᠬᠢᠶᠠᠨ ᠪᠢᠴᠢᠬᠦ ᠬᠢᠷᠢ ᠲᠦᠪᠰᠢᠨ ᠢ ᠳᠡᠭᠡᠭᠰᠢᠯᠡᠭᠦᠯᠬᠦ ᠶᠢᠨ ᠲᠥᠯᠥᠭᠡ᠂ ᠰᠤᠷᠤᠭᠴᠢᠳ ᠤᠨ ᠤᠩᠰᠢᠬᠤ᠂ ᠵᠣᠬᠢᠶᠠᠨ ᠪᠢᠴᠢᠬᠦ ᠳᠤᠮᠳᠠ ᠪᠠᠶᠠᠷ ᠬᠥᠷ ᠲᠠᠢ ᠦᠰᠦᠨ ᠪᠣᠶᠢᠵᠢᠬᠤ ᠶᠢ ᠬᠥᠲᠥᠯᠥᠨ ᠳᠠᠭᠠᠭᠤᠯᠪᠠ᠃ ᠣᠶᠢᠷ᠎ᠠ ᠳᠤ᠂ ᠲᠣᠭᠤᠷᠢᠭ ᠤᠨ ᠰᠤᠷᠭᠠᠨ ᠬᠥᠮᠦᠵᠢᠯ ᠵᠢᠭᠠᠨ ᠰᠤᠷᠭᠠᠯᠲᠠ ᠶᠢᠨ ᠰᠤᠳᠤᠯᠭᠠᠨ ᠤ ᠲᠥᠪ ᠮᠣᠩᠭᠤᠯ ᠦᠨᠳᠦᠰᠦᠲᠡᠨ ᠤ ᠪᠠᠭ᠎ᠠ ᠰᠤᠷᠭᠠᠭᠤᠯᠢ ᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠠᠩᠭ᠍ᠯᠢ ᠬᠡᠯᠡᠨ ᠤ ᠵᠣᠬᠢᠶᠠᠨ ᠪᠢᠴᠢᠯᠭᠡ ᠶᠢᠨ ᠪᠣᠯᠪᠠᠰᠤᠷᠠᠯ ᠤᠨ ᠤᠷᠤᠯᠳᠤᠭᠠᠨ ᠶᠠᠪᠤᠭᠤᠯᠵᠤ᠂ ᠤᠷᠤᠯᠳᠤᠭᠠᠨ ᠳᠤ ᠣᠷᠣᠯᠴᠠᠭᠰᠠᠳ ᠨᠢ ᠪᠥᠬᠦ ᠣᠷᠣᠨ ᠤ 5 - 6 ᠳ᠋ᠤᠭᠠᠷ ᠣᠨ ᠤ ᠰᠣᠷᠣᠭᠴᠢ ᠪᠣᠯᠤᠨ᠎ᠠ᠃      
     ᠲᠣᠰ ᠤᠳᠠᠭᠠᠨ ᠤ ᠠᠩᠭ᠍ᠯᠢ ᠬᠡᠯᠡᠨ ᠤ ᠵᠣᠬᠢᠶᠠᠯ ᠤᠨ ᠤᠷᠤᠯᠳᠤᠭᠠᠨ ᠢ ᠲᠣᠭᠤᠷᠢᠭ ᠤᠨ ᠰᠤᠷᠭᠠᠨ ᠬᠥᠮᠦᠵᠢᠯ ᠵᠢᠭᠠᠨ ᠰᠤᠷᠭᠠᠯᠲᠠ ᠶᠢᠨ ᠰᠤᠳᠤᠯᠭᠠᠨ ᠤ ᠲᠥᠪ ᠠᠴᠠ ᠨᠢᠭᠡᠳᠦᠯᠲᠡᠶ ᠳᠣᠭᠢᠷᠠᠭᠤᠯᠵᠤ᠂ ᠣᠨ ᠢᠶᠠᠷ ᠳᠤᠭᠤᠶᠢᠯᠠᠩ ᠬᠤᠪᠢᠶᠠᠨ ᠬᠠᠮᠲᠤ ᠳᠤᠨᠢ ᠶᠠᠪᠤᠭᠳᠠᠭᠤᠯᠵᠤ᠂ ᠨᠢᠭᠡᠳᠦᠯᠲᠡᠶ ᠰᠡᠳᠦᠪ ᠭᠠᠷᠭᠠᠨ᠎ᠠ᠃ ᠰᠤᠷᠤᠭᠴᠢᠳ ᠢ 40 ᠮᠢᠨᠦ᠋ᠲ ᠎ ᠤᠨ ᠳᠣᠲᠣᠷ᠎ᠠ ᠳᠠᠭᠤᠰᠬᠠᠬᠤ ᠶᠢ ᠱᠠᠭᠠᠷᠳᠠᠨ᠎ᠠ᠃ ᠤᠷᠤᠯᠳᠤᠭᠠᠨ ᠤ ᠲᠤᠬᠠᠶ ᠶᠢᠨ ᠲᠠᠯᠠᠪᠠᠢ ᠳᠤ᠂ ᠰᠤᠷᠤᠭᠴᠢᠳ ᠨᠠᠷᠢᠨ ᠬᠢᠨᠠᠮᠠᠭᠠᠶ ᠰᠡᠳᠦᠪ ᠬᠢᠨᠠᠵᠤ᠂ ᠲᠤᠬᠠᠶ ᠶᠢᠨ ᠲᠠᠯᠠᠪᠠᠢ ᠳᠤ ᠰᠡᠳᠬᠢᠵᠦ᠂ ᠲᠤᠬᠠᠶ ᠶᠢᠨ ᠲᠠᠯᠠᠪᠠᠢ ᠳᠤ ᠪᠣᠯᠪᠠᠰᠤᠷᠠᠨ᠎ᠠ᠃ ᠬᠡᠦᠬᠡᠳ ᠤᠳ ᠬᠥᠮᠥᠰᠬᠡ ᠪᠠᠨ ᠠᠲᠤᠷᠢᠭᠤᠯᠬᠤ᠂ ᠬᠤᠷᠳᠤᠨ  ᠪᠢᠴᠢᠨ᠂ ᠨᠢᠭᠡ ᠯᠡ ᠰᠡᠳᠬᠢᠯ ᠢᠶᠠᠷ ᠵᠣᠬᠢᠶᠠᠨ ᠪᠦᠲᠦᠭᠡᠵᠦ᠂ ᠤᠷᠠᠨ ᠪᠢᠷ ᠢᠶᠠᠷ ᠤᠷᠠᠯᠠᠨ ᠪᠢᠴᠢᠵᠦ᠂ ᠥᠪᠡᠷ ᠤᠨ ᠪᠠᠶᠠᠯᠢᠭ ᠠᠵᠢᠭᠯᠠᠬᠤ ᠴᠢᠳᠠᠪᠤᠷᠢ᠂ ᠲᠥᠰᠦᠭᠡᠯᠡᠬᠦ ᠴᠢᠳᠠᠪᠤᠷᠢ ᠪᠠ ᠵᠣᠬᠢᠶᠠᠨ ᠪᠢᠴᠢᠬᠦ ᠴᠢᠳᠠᠪᠤᠷᠢ ᠪᠠᠨ ᠭᠦᠢᠴᠡᠳ ᠢᠯᠡᠷᠡᠭᠦᠯᠦᠭᠰᠡᠨ ᠶᠤᠮ᠃ 40 ᠮᠢᠨᠦ᠋ᠲ ᠎ ᠤᠨ ᠴᠢᠷᠮᠠᠶᠢᠯᠭ᠎ᠠ ᠪᠠᠷ ᠳᠠᠮᠵᠢᠨ᠂ ᠬᠡᠦᠬᠡᠳ ᠤᠳ ᠨᠢᠭᠡᠨ ᠭᠤᠢᠳᠠ ᠰᠠᠶᠢᠬᠠᠨ ᠳᠠᠰᠬᠠᠯ ᠢ ᠠᠮᠵᠢᠯᠲᠠ ᠲᠠᠢ ᠪᠡᠶᠡᠯᠡᠭᠦᠯᠪᠡ᠃      ᠡᠨᠡ ᠤᠳᠠᠭᠠᠨ ᠤ ᠠᠩᠭ᠍ᠯᠢ ᠬᠡᠯᠡᠨ ᠤ ᠵᠣᠬᠢᠶᠠᠨ ᠪᠢᠴᠢᠯᠭᠡ ᠶᠢᠨ ᠠᠵᠢᠯᠯᠠᠭ᠎ᠠ ᠳᠤ ᠰᠤᠷᠤᠭᠴᠢᠳ ᠤᠨ ᠠᠩᠭ᠍ᠯᠢ ᠬᠡᠯᠡᠨ ᠤ ᠳᠠᠰᠬᠠᠯ ᠤᠨ ᠤᠷᠮ᠎ᠠ ᠵᠣᠷᠢᠭ ᠣᠷᠭᠢᠯᠵᠤ᠂ ᠰᠤᠷᠤᠭᠴᠢᠳ ᠲᠤ ᠠᠩᠭ᠍ᠯᠢ ᠬᠡᠯᠡᠨ ᠤ ᠳᠠᠰᠬᠠᠯ ᠤᠨ ᠪᠠᠶᠠᠰᠬᠤᠯᠠᠩᠲᠤ ᠬᠦᠷᠢᠶᠡᠯᠡᠩ ᠢ ᠪᠤᠢ ᠪᠣᠯᠭᠠᠵᠤ ᠥᠭᠴᠡᠢ᠃
 
ᠢᠷᠡᠯᠲᠡ᠄ ᠪᠠᠶ᠋ᠬᠠᠣᠪᠤᠭ᠎ᠠ ᠠᠭᠤᠷᠬᠠᠢ ᠶᠢᠨ ᠲᠣᠭᠤᠷᠢᠭ ᠤᠨ ᠵᠠᠰᠠᠭ ᠤᠨ ᠣᠷᠳᠤᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号