︽ᠨᠠᠮ ᠤᠨ ᠠᠴᠢ ᠶᠢ ᠮᠡᠳᠡᠷᠡᠵᠦ᠂ ᠨᠠᠮ ᠤᠨ ᠦᠭᠡ ᠶᠢ ᠰᠣᠨᠣᠰᠴᠤ᠂ ᠨᠠᠮ ᠢᠶᠠᠨ ᠳᠠᠭᠠᠨ᠎ᠠ︾ᠪᠤᠭᠤᠲᠤ ᠬᠤᠳᠠ ᠶᠢᠨ ᠤᠨᠤᠯ ᠰᠤᠷᠤᠯᠴᠠᠬᠤ ᠬᠥᠩᠭᠡᠨ ᠮᠣᠷᠢᠲᠤ ᠴᠡᠷᠢᠭ ᠤᠨ ᠵᠢᠱᠢᠶ᠎ᠡ ᠦᠵᠡᠭᠦᠯᠬᠦ ᠤᠬᠠᠭᠤᠯᠤᠨ ᠲᠠᠶᠢᠯᠪᠤᠷᠢᠯᠠᠬᠤ ᠪᠦᠯᠬᠦᠮ ᠪᠠᠶᠠᠨ᠋ᠣ᠋ᠪᠣᠭ᠎ᠠ ᠠᠭᠤᠷᠬᠠᠢ ᠶᠢᠨ ᠣᠷᠣᠨ ᠳᠤ ᠬᠦᠷᠴᠡᠢ
ᠨᠡᠶᠢᠲᠡᠯᠡᠭᠰᠡᠨ ᠴᠠᠭ᠄
2024/1/31
ᠰᠢ ᠶᠢᠨ ᠫᠢᠩ ᠶᠡᠷᠦᠩᠬᠡᠢ ᠱᠦᠵᠢ ᠶᠢᠨ ᠥᠪᠥᠷ ᠮᠣᠩᠭᠤᠯ ᠳᠤ ᠥᠭᠭᠦᠭᠰᠡᠨ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ ᠶᠢ ᠦᠷᠭᠦᠯᠵᠢᠯᠡᠨ ᠭᠦᠨᠵᠡᠭᠡᠢ ᠰᠤᠷᠤᠯᠴᠠᠨ ᠲᠤᠤᠱᠯᠠᠭᠤᠯᠬᠤ ᠶᠢᠨ ᠲᠥᠯᠥᠭᠡ᠂ ᠬᠤᠳᠠ ᠶᠢᠨ ᠨᠠᠮ ᠤᠨ ᠬᠤᠷᠢᠶ᠎ᠠ ᠶᠢᠨ ᠤᠬᠠᠭᠤᠯᠬᠤ ᠬᠡᠯᠲᠡᠰ ᠤᠨ︽︿ᠨᠠᠮ ᠤᠨ ᠠᠴᠢ ᠶᠢ ᠮᠡᠳᠡᠷᠡᠵᠦ᠂ ᠨᠠᠮ ᠤᠨ ᠦᠭᠡ ᠶᠢ ᠰᠣᠨᠣᠰᠴᠤ᠂ ᠨᠠᠮ ᠢᠶᠠᠨ ᠲᠠᠭᠠᠬᠤ﹀ᠭᠤᠣᠯ ᠰᠡᠳᠦᠪᠲᠦ ᠤᠬᠠᠭᠤᠯᠤᠨ ᠲᠠᠶᠢᠯᠪᠤᠷᠢᠯᠠᠬᠤ ᠠᠵᠢᠯ ᠤᠨ ᠲᠥᠰᠥᠯ︾ ᠎ ᠤᠨ ᠲᠣᠬᠢᠷᠠᠭᠤᠯᠤᠯᠲᠠ ᠶᠢ ᠦᠨᠳᠦᠰᠦᠯᠡᠨ᠂ 1 ᠰᠠᠷ᠎ᠠ ᠶᠢᠨ 30 ᠎ ᠤ ᠡᠳᠦᠷ᠂ ᠪᠤᠭᠤᠲᠤ ᠬᠤᠳᠠ ᠶᠢᠨ ᠤᠨᠤᠯ ᠰᠤᠷᠤᠯᠴᠠᠬᠤ ᠬᠥᠩᠭᠡᠨ ᠮᠣᠷᠢᠲᠤ ᠴᠡᠷᠢᠭ ᠤᠨ ᠵᠢᠱᠢᠶ᠎ᠡ ᠦᠵᠡᠭᠦᠯᠬᠦ ᠤᠬᠠᠭᠤᠯᠤᠨ ᠲᠠᠶᠢᠯᠪᠤᠷᠢᠯᠠᠬᠤ ᠪᠦᠯᠬᠦᠮ ᠤᠨ ᠤᠬᠠᠭᠤᠯᠤᠨ ᠲᠠᠶᠢᠯᠪᠤᠷᠢᠯᠠᠬᠤ ᠬᠤᠷᠠᠯ ᠪᠠᠶᠠᠨ᠋ᠣ᠋ᠪᠣᠭ᠎ᠠ ᠠᠭᠤᠷᠬᠠᠢ ᠶᠢᠨ ᠣᠷᠣᠨ ᠤ ᠪᠣᠣᠱᠠᠨ ᠨᠡᠶᠢᠭᠡᠮ ᠲᠣᠭᠤᠷᠢᠭ ᠤᠨ ᠤᠬᠠᠭᠤᠯᠤᠨ ᠲᠠᠶᠢᠯᠪᠤᠷᠢᠯᠠᠬᠤ ᠠᠵᠢᠯᠯᠠᠭ᠎ᠠ ᠶᠢᠨ ᠭᠡᠷ ᠲᠤ ᠶᠠᠪᠤᠭᠳᠠᠪᠠ᠃ ᠪᠦᠬᠦ ᠣᠷᠣᠨ ᠤ ᠡᠯ᠎ᠡ ᠰᠠᠯᠠᠭ᠎ᠠ ᠮᠥᠴᠢᠷ ᠨᠢᠭᠡᠴᠡ ᠶᠢᠨ ᠦᠨᠳᠦᠰᠦᠨ ᠱᠠᠲᠤᠨ ᠤ ᠤᠬᠠᠭᠤᠯᠤᠨ ᠲᠠᠶᠢᠯᠪᠤᠷᠢᠯᠠᠭᠴᠢ᠂ ᠲᠣᠭᠤᠷᠢᠭ ᠤᠨ ᠰᠢᠨ᠎ᠡ ᠴᠠᠭ ᠦᠶ᠎ᠡ ᠶᠢᠨ ᠪᠣᠯᠪᠠᠰᠤᠨ ᠤ ᠦᠢᠯᠡᠳᠦᠯᠭᠡ ᠶᠢᠨ ᠲᠥᠪ ᠤᠨ ᠡᠯ᠎ᠡ ᠰᠠᠶᠢᠨ ᠳᠤᠷ᠎ᠠ ᠶᠢᠨ ᠦᠢᠯᠡᠴᠢᠯᠡᠭᠡᠨ ᠤ ᠠᠩᠭᠢ ᠶᠢᠨ ᠤᠬᠠᠭᠤᠯᠤᠨ ᠲᠠᠶᠢᠯᠪᠤᠷᠢᠯᠠᠭᠴᠢ᠂ ᠡᠯ᠎ᠡ ᠰᠤᠷᠤᠯᠴᠠᠯᠭ᠎ᠠ ᠶᠢᠨ ᠬᠢᠴᠢᠶᠡᠯ ᠤᠨ ᠲᠠᠩᠬᠢᠮ ᠤᠨ ᠡᠷᠬᠢᠯᠡᠭᠴᠢ᠂ ᠨᠡᠶᠢᠭᠡᠮ ᠲᠣᠭᠤᠷᠢᠭ ᠤᠨ ᠤᠬᠠᠭᠤᠯᠬᠤ ᠭᠡᠰᠢᠭᠦᠨ᠂ ᠤᠬᠠᠭᠤᠯᠤᠨ ᠲᠠᠶᠢᠯᠪᠤᠷᠢᠯᠠᠬᠤ ᠭᠤᠣᠯᠯᠠᠭᠴᠢ ᠬᠦᠴᠦᠨ ᠤᠬᠠᠭᠤᠯᠤᠨ ᠲᠠᠶᠢᠯᠪᠤᠷᠢᠯᠠᠬᠤ ᠶᠢ ᠰᠣᠨᠣᠰᠴᠠᠢ᠃
     ᠤᠬᠠᠭᠤᠯᠤᠨ ᠲᠠᠶᠢᠯᠪᠤᠷᠢᠯᠠᠬᠤ ᠬᠤᠷᠠᠯ ᠳᠡᠭᠡᠷ᠎ᠡ᠂ ᠬᠤᠳᠠ ᠶᠢᠨ ᠤᠨᠤᠯ ᠰᠤᠷᠤᠯᠴᠠᠬᠤ ᠬᠥᠩᠭᠡᠨ ᠮᠣᠷᠢᠲᠤ ᠴᠡᠷᠢᠭ ᠤᠨ ᠵᠢᠱᠢᠶ᠎ᠡ ᠦᠵᠡᠭᠦᠯᠬᠦ ᠤᠬᠠᠭᠤᠯᠤᠨ ᠲᠠᠶᠢᠯᠪᠤᠷᠢᠯᠠᠬᠤ ᠪᠦᠯᠬᠦᠮ ᠤᠨ ᠤᠬᠠᠭᠤᠯᠤᠨ ᠲᠠᠶᠢᠯᠪᠤᠷᠢᠯᠠᠭᠴᠢ ᠵᠠᠩ ᠯᠢᠨ᠂ ᠶᠠᠩ ᠰᠢᠩ ᠬᠤᠸᠠ᠂ ᠵᠤᠤ ᠮᠥ᠋ᠩ ᠲᠢᠩ᠂ ᠸᠠᠩ ᠰᠢᠶᠣᠣ ᠬᠤᠩ᠂ ᠰᠢᠦᠢ ᠮᠢᠨ ᠨᠠ︽ᠳᠤᠮᠳᠠᠳᠤ ᠶᠢᠨ ᠦᠨᠳᠦᠰᠦᠲᠡᠨ ᠤ ᠶᠡᠭᠡ ᠭᠡᠷ ᠪᠦᠯᠢ ᠳᠤ ᠳᠤᠮᠳᠠᠳᠤ ᠶᠢᠨ ᠵᠡᠭᠦᠳᠦ ᠶᠢ ᠬᠠᠮᠲᠤᠪᠠᠷ ᠲᠡᠷᠭᠡᠯᠰᠢᠭᠦᠯᠦᠨ᠎ᠡ︾᠂︽ᠬᠤᠪᠢᠰᠬᠠᠯ ᠤᠨ ᠢᠲᠡᠭᠡᠯ ᠪᠢᠰᠢᠷᠡᠯ ᠦᠶ᠎ᠡ ᠶᠢᠨ ᠦᠶ᠎ᠡ ᠳᠡᠭᠡᠨ ᠮᠥᠩᠬᠡᠷᠡᠨ᠎ᠡ︾᠂︽ᠥᠨᠢ ᠡᠭᠦᠷᠢᠳᠡ ᠨᠠᠮ ᠢᠶᠠᠨ ᠳᠠᠭᠠᠨ᠎ᠠ᠃ ᠭᠤᠷᠪᠠᠨ ᠦᠶ᠎ᠡ ᠶᠢᠨ ᠴᠡᠷᠢᠭ ᠤᠨ ᠬᠦᠴᠦᠷᠬᠡᠭ ᠤᠯᠤᠰ ᠪᠣᠯᠬᠤ ᠬᠦᠰᠡᠯ ᠵᠡᠭᠦᠳᠦ︾︽ᠪᠠᠲᠤ ᠴᠡᠭᠡᠵᠢᠯᠡᠬᠦ︾ᠭᠡᠬᠦ ᠵᠢᠷᠭᠤᠭᠠᠨ ᠥᠭᠦᠯᠡᠪᠦᠷᠢ ᠶᠢᠨ ᠪᠣᠳᠠᠲᠤ ᠶᠠᠪᠤᠳᠠᠯ ᠪᠠ ᠶᠣᠰᠣ ᠤᠴᠢᠷ ᠢ︽ᠡᠷᠡᠰ ᠭᠤᠶᠢᠪᠢᠰᠢ ᠦᠭᠡᠢ ᠪᠠᠷ ᠨᠠᠮ ᠤᠨ ᠠᠴᠢ ᠲᠤᠰᠠ ᠶᠢ ᠮᠡᠳᠡᠷᠡᠵᠦ᠂ ᠨᠠᠮ ᠤᠨ ᠦᠭᠡ ᠶᠢ ᠰᠣᠨᠣᠰᠴᠤ᠂ ᠨᠠᠮ ᠢᠶᠠᠨ ᠳᠠᠭᠠᠬᠤ︾᠎ ᠪᠠᠷ ᠰᠡᠳᠦᠪᠯᠡᠬᠦ ᠪᠠᠷ ᠭᠤᠣᠯᠳᠠᠭᠤᠯᠵᠤ᠂ ᠤᠯᠤᠰ ᠢᠶᠠᠨ ᠬᠦᠴᠦᠷᠬᠡᠭᠵᠢᠭᠦᠯᠬᠦ ᠬᠦᠰᠡᠯ ᠵᠡᠭᠦᠳᠦ︾ᠭᠡᠬᠦ ᠵᠢᠷᠭᠤᠭᠠᠨ ᠥᠭᠦᠯᠡᠪᠦᠷᠢ ᠶᠢᠨ ᠪᠣᠳᠠᠲᠤ ᠶᠠᠪᠤᠳᠠᠯ ᠪᠠ ᠶᠣᠰᠣ ᠤᠴᠢᠷ ᠢ ︽ᠪᠠᠲᠤ ᠴᠡᠭᠡᠵᠢᠯᠡᠬᠦ︾ᠭᠡᠬᠦ ᠰᠡᠳᠦᠪ ᠢ ᠳᠤᠷᠠᠳᠤᠭᠰᠠᠨ ᠪᠠᠶᠢᠨ᠎ᠠ᠃ ᠰᠢ ᠶᠢᠨ ᠫᠢᠩ ᠶᠡᠷᠦᠩᠬᠡᠢ ᠱᠦᠵᠢ ᠶᠢᠨ ᠥᠪᠥᠷ ᠮᠣᠩᠭᠤᠯ ᠳᠤ ᠥᠭᠭᠦᠭᠰᠡᠨ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ ᠳᠤ ᠠᠩᠬᠠᠷᠤᠯ ᠢᠶᠠᠨ ᠲᠥᠪᠯᠡᠷᠡᠭᠦᠯᠵᠦ᠂ ︽ᠪᠠᠭ᠎ᠠ ᠬᠡᠷᠴᠢᠶᠡᠰᠦ︾᠎ ᠪᠠᠷ ︽ᠶᠡᠭᠡ ᠶᠣᠰᠣ︾᠎ ᠶᠢ ᠲᠠᠶᠢᠯᠪᠤᠷᠢᠯᠠᠵᠤ᠂ ︽ᠳᠡᠷᠭᠡᠳᠡᠬᠢ ᠶᠠᠪᠤᠳᠠᠯ︾ ᠎ ᠢᠶᠠᠷ ︽ᠶᠡᠭᠡ ᠭᠤᠣᠯ ᠰᠡᠳᠦᠪ︾ ᠎ ᠢ ᠲᠣᠳᠣᠷᠬᠠᠢ ᠶᠠᠷᠢᠬᠤ ᠳᠤ᠂ ᠤᠨᠤᠯ ᠤᠨ ᠥᠭᠦᠯᠡᠯᠲᠡ ᠪᠠᠶᠢᠬᠤ ᠮᠥᠷᠲᠡᠭᠡᠨ ᠭᠤᠶᠢᠳᠠ ᠰᠠᠶᠢᠬᠠᠨ ᠵᠠᠳᠠᠯᠤᠯᠲᠠ ᠪᠠᠶᠢᠨ᠎ᠠ᠂ ᠨᠡᠩ ᠴᠤ ᠥᠪᠡᠷ ᠤᠨ ᠭᠦᠨᠵᠡᠭᠡᠢ ᠦᠵᠡᠯᠲᠡ ᠲᠠᠢ ᠪᠠᠶᠢᠵᠤ᠂ ᠥᠷᠭᠡᠨ ᠤᠯᠠᠨ ᠺᠠᠳ᠋ᠷ ᠤᠯᠠᠨ ᠲᠦᠮᠡᠨ ᠢ ᠬᠥᠲᠥᠯᠥᠨ ᠵᠢᠯᠤᠭᠤᠳᠴᠤ ᠪᠠᠶᠢᠭᠠᠳ ᠰᠢ ᠶᠢᠨ ᠫᠢᠩ ᠶᠡᠷᠦᠩᠬᠡᠢ ᠱᠦᠵᠢ ᠪᠣᠯᠣᠨ ᠨᠠᠮ ᠤᠨ ᠲᠥᠪ ᠬᠤᠷᠢᠶ᠎ᠠ ᠠᠴᠠ ᠥᠪᠥᠷ ᠮᠣᠩᠭᠤᠯ ᠤᠨ ᠠᠷᠠᠳ ᠲᠦᠮᠡᠨ ᠢ ᠬᠠᠯᠠᠮᠵᠢᠯᠠᠨ ᠳᠡᠮᠵᠢᠵᠤ ᠪᠠᠶᠢᠬᠤ ᠶᠢ ᠭᠦᠨᠵᠡᠭᠡᠢ ᠣᠶᠢᠯᠠᠭᠠᠭᠤᠯᠵᠤ᠂ ︽ᠵᠢᠷᠭᠤᠭᠠᠨ ᠥᠭᠦᠯᠡᠪᠦᠷᠢ︾᠎ ᠶᠢᠨ ᠪᠣᠳᠠᠲᠤ ᠶᠠᠪᠤᠳᠠᠯ ᠪᠣᠯᠣᠨ ᠶᠣᠰᠣ ᠤᠴᠢᠷ ᠢ ᠭᠦᠨᠵᠡᠭᠡᠢ ᠣᠶᠢᠯᠠᠭᠠᠭᠤᠯᠵᠤ᠂ ᠨᠡᠩ ᠴᠤᠭ ᠪᠠᠳᠠᠷᠠᠩᠭᠤᠢ ᠳᠦᠷᠢ ᠪᠠᠶᠢᠳᠠᠯ ᠢᠶᠠᠷ ᠰᠢᠨ᠎ᠡ ᠠᠶᠠᠨ ᠵᠠᠮ ᠳᠤ ᠣᠷᠣᠵᠤ᠂ ᠰᠢᠨ᠎ᠡ ᠴᠠᠭ ᠦᠶ᠎ᠡ ᠳᠤ ᠭᠠᠪᠢᠶ᠎ᠠ ᠪᠠᠶᠢᠭᠤᠯᠬᠤ ᠶᠢ ᠬᠥᠲᠥᠯᠥᠨ ᠳᠠᠭᠠᠭᠤᠯᠤᠨ᠎ᠠ᠃
     ᠤᠬᠠᠭᠤᠯᠤᠨ ᠲᠠᠶᠢᠯᠪᠤᠷᠢᠯᠠᠬᠤ ᠶᠢ ᠰᠣᠨᠣᠰᠤᠭᠰᠠᠨ ᠤ ᠲᠠᠷᠠᠭ᠎ᠠ᠂ ᠬᠤᠷᠠᠯ ᠳᠤ ᠣᠷᠣᠯᠴᠠᠭᠰᠠᠨ ᠨᠥᠬᠦᠳ ᠲᠤᠰ ᠤᠳᠠᠭ᠎ᠠ ᠶᠢᠨ ᠤᠬᠠᠭᠤᠯᠤᠨ ᠲᠠᠶᠢᠯᠪᠤᠷᠢᠯᠠᠬᠤ ᠵᠣᠷᠢᠭ ᠰᠠᠨᠠᠭ᠎ᠠ ᠶᠢ ᠬᠦᠴᠦᠷᠬᠡᠭ ᠶᠡᠭᠡ ᠠᠵᠢᠯ ᠤᠨ ᠬᠥᠳᠡᠯᠭᠡᠬᠦ ᠬᠦᠴᠦᠨ ᠪᠣᠯᠭᠠᠨ ᠬᠤᠪᠢᠷᠠᠭᠤᠯᠵᠤ᠂ ᠥᠪᠡᠷ ᠤᠨ ᠪᠣᠳᠠᠲᠠᠢ ᠠᠵᠢᠯ ᠲᠠᠢ ᠪᠠᠨ ᠤᠶᠠᠯᠳᠤᠭᠤᠯᠵᠤ᠂ ᠭᠦᠨᠵᠡᠭᠡᠢ ᠰᠤᠷᠤᠯᠴᠠᠨ ᠦᠨᠡᠨᠴᠢ ᠰᠢᠳᠤᠷᠭᠤ ᠪᠠᠷ ᠬᠡᠷᠡᠭᠵᠢᠭᠦᠯᠵᠦ᠂ ᠦᠨᠡᠨᠬᠦ ᠠᠳᠬᠤᠨ ᠪᠣᠳᠠᠲᠠᠢ ᠠᠵᠢᠯᠯᠠᠵᠤ᠂ ᠦᠵᠡᠯ ᠰᠠᠨᠠᠭᠠᠨ ᠤ ᠤᠬᠠᠮᠰᠠᠷ ᠪᠣᠯᠣᠨ ᠠᠵᠢᠯᠯᠠᠭ᠎ᠠ ᠶᠢᠨ ᠤᠬᠠᠮᠰᠠᠷ ᠢᠶᠠᠨ ᠳᠡᠭᠡᠭᠰᠢᠯᠡᠭᠦᠯᠵᠦ᠂ ᠡᠭᠦᠷᠭᠡ ᠬᠠᠷᠢᠭᠤᠴᠠᠯᠭ᠎ᠠ ᠪᠠᠨ ᠨᠡᠩ ᠰᠠᠶᠢᠲᠤᠷ ᠡᠭᠦᠷᠭᠡᠯᠡᠵᠦ᠂ ᠰᠤᠷᠤᠯᠴᠠᠯᠭ᠎ᠠ ᠶᠢᠨ ᠦᠷ᠎ᠡ ᠪᠦᠲᠦᠮᠵᠢ ᠪᠠᠨ ᠦᠨᠡᠨᠬᠦ ᠠᠵᠢᠯ ᠬᠢᠵᠦ ᠦᠢᠯᠡᠰ ᠪᠣᠰᠬᠠᠬᠤ ᠡᠷᠡᠰ ᠵᠣᠷᠢᠭ ᠪᠣᠯᠣᠨ ᠬᠦᠴᠦᠷᠬᠡᠭ ᠶᠡᠭᠡ ᠬᠥᠳᠡᠯᠭᠡᠬᠦ ᠬᠦᠴᠦᠨ ᠪᠣᠯᠭᠠᠨ ᠬᠤᠪᠢᠷᠠᠭᠤᠯᠤᠨ᠎ᠠ ᠭᠡᠵᠦ ᠢᠯᠡᠳᠬᠡᠵᠡᠭᠡᠪᠡ᠃ ︽ᠲᠤᠰ ᠤᠳᠠᠭ᠎ᠠ ᠶᠢᠨ ᠤᠬᠠᠭᠤᠯᠤᠨ ᠲᠠᠶᠢᠯᠪᠤᠷᠢᠯᠠᠯᠲᠠ ᠶᠢᠨ ᠬᠡᠯᠪᠡᠷᠢ ᠨᠢ ᠰᠢᠨ᠎ᠡ ᠰᠣᠷᠭᠤᠭ᠂ ᠤᠯᠠᠨ ᠲᠦᠮᠡᠨ ᠲᠠᠢ ᠣᠶᠢᠷᠠᠲᠤᠵᠤ᠂ ᠣᠬᠤᠷ ᠠᠪᠰᠠᠷᠬᠠᠨ ᠤᠬᠠᠭᠤᠯᠤᠨ ᠲᠠᠶᠢᠯᠪᠤᠷᠢᠯᠠᠬᠤ ᠠᠭᠤᠯᠭ᠎ᠠ ᠪᠠᠷ ᠤᠯᠠᠨ ᠤ ᠠᠩᠬᠠᠷᠤᠯ ᠢ ᠲᠠᠲᠠᠪᠠ᠂ ᠤᠬᠠᠭᠤᠯᠤᠨ ᠲᠠᠶᠢᠯᠪᠤᠷᠢᠯᠠᠬᠤ ᠶᠢ ᠰᠣᠨᠣᠰᠤᠭᠰᠠᠨ ᠤ ᠳᠠᠷᠠᠭ᠎ᠠ ᠪᠢ ᠶᠡᠬᠡᠳᠡ ᠵᠣᠷᠢᠭᠵᠢᠪᠠ᠂ ᠬᠤᠶᠢᠰᠢᠳᠠ ᠪᠢ ᠠᠵᠢᠯ ᠤᠨ ᠪᠠᠶᠢᠷᠢ ᠶᠢᠨ ᠪᠣᠳᠠᠲᠤ ᠪᠠᠶᠢᠳᠠᠯ ᠳᠠᠭᠠᠨ ᠰᠠᠭᠤᠷᠢᠯᠠᠵᠤ᠂ ᠠᠵᠢᠯᠲᠠᠨ ᠠᠵᠢᠯᠴᠢᠨ ᠤᠯᠠᠨ ᠲᠦᠮᠡᠨ ᠢ ᠬᠥᠲᠥᠯᠥᠨ ᠳᠠᠭᠠᠭᠤᠯᠵᠤ︿ᠨᠠᠮ ᠤᠨ ᠠᠴᠢ ᠶᠢ ᠮᠡᠳᠡᠷᠡᠵᠦ᠂ ᠨᠠᠮ ᠤᠨ ᠦᠭᠡ ᠶᠢ ᠰᠣᠨᠣᠰᠴᠤ᠂ ᠨᠠᠮ ᠢᠶᠠᠨ ᠳᠠᠭᠠᠬᠤ﹀ᠤᠯᠤᠰ ᠲᠦᠷᠦ ᠶᠢᠨ ᠤᠬᠠᠮᠰᠠᠷ ᠪᠠ ᠠᠵᠢᠯᠯᠠᠭ᠎ᠠ ᠶᠢᠨ ᠤᠬᠠᠮᠰᠠᠷ ᠢ ᠨᠢ ᠴᠢᠩᠭᠠᠳᠬᠠᠵᠤ᠂ ᠪᠦᠯᠬᠦᠮᠳᠡᠨ ᠲᠡᠮᠡᠴᠡᠬᠦ ᠦᠵᠡᠯ ᠰᠠᠨᠠᠭᠠᠨ ᠤ ᠰᠠᠭᠤᠷᠢ ᠶᠢ ᠪᠠᠬᠢᠵᠢᠭᠦᠯᠦᠨ᠎ᠡ︾᠃ ᠭᠡᠵᠦ ᠤᠬᠠᠭᠤᠯᠤᠨ ᠲᠠᠶᠢᠯᠪᠤᠷᠢᠯᠠᠭᠴᠢ ᠹᠦ᠋ ᠯᠦ ᠬᠡᠯᠡᠪᠡ᠃  
     ᠤᠬᠠᠭᠤᠯᠤᠨ ᠲᠠᠶᠢᠯᠪᠤᠷᠢᠯᠠᠬᠤ ᠲᠤᠬᠠᠢ ᠶᠢᠨ ᠲᠠᠯᠠᠪᠠᠶ ᠳᠤ ᠮᠠᠨ ᠤ ᠣᠷᠣᠨ ᠤ 2023 ᠣᠨ ᠤ ᠬᠤᠲᠠ ᠶᠢᠨ ᠳᠡᠰ ᠤᠨ ᠣᠨᠣᠯ ᠤᠨ ᠤᠬᠠᠭᠤᠯᠤᠨ ᠲᠠᠶᠢᠯᠪᠤᠷᠢᠯᠠᠬᠤ ᠲᠡᠷᠢᠭᠦᠨ ᠤ ᠨᠡᠶᠢᠲᠡᠯᠢᠭ ᠵᠢᠱᠢᠶ᠎ᠡ ᠶᠢ ᠢᠷᠠᠭᠤ ᠠᠯᠳᠠᠷᠲᠠᠢ ᠪᠠᠷ ᠭᠥᠷᠳᠡᠭᠰᠡᠨ ᠳᠤ ᠱᠠᠩᠨᠠᠯ ᠣᠯᠭᠤᠵᠤ᠂ ᠬᠥᠬᠢᠭᠦᠯᠦᠭᠳᠡᠨ ᠰᠠᠶᠢᠰᠢᠶᠠᠭᠳᠠᠭᠰᠠᠨ ᠲᠡᠷᠢᠭᠦᠨ ᠤ ᠨᠡᠶᠢᠲᠡᠯᠢᠭ ᠬᠥᠮᠥᠰ ᠤᠨ ᠢᠷᠠᠭᠤ ᠠᠯᠳᠠᠷ ᠢᠶᠠᠨ ᠨᠠᠨᠳᠢᠩᠨᠠᠨ᠂ ᠴᠢᠷᠮᠠᠶᠢᠭᠰᠠᠨ ᠳᠡᠭᠡᠷ᠎ᠡ ᠪᠠᠨ ᠴᠢᠷᠮᠠᠶᠢᠬᠤ ᠶᠢ ᠵᠣᠷᠢᠭᠵᠢᠭᠤᠯᠵᠤ᠂ ᠨᠡᠶᠢᠲᠡᠯᠢᠭ ᠵᠢᠱᠢᠶ᠎ᠡ ᠶᠢᠨ ᠵᠢᠱᠢᠶ᠎ᠡ ᠦᠵᠡᠭᠦᠯᠵᠦ ᠬᠥᠲᠥᠯᠥᠨ ᠳᠠᠭᠠᠭᠤᠯᠬᠤ ᠦᠢᠯᠡᠳᠦᠯ ᠢ ᠴᠢᠨᠠᠭᠰᠢᠳᠠ ᠪᠠᠳᠠᠷᠠᠭᠤᠯᠵᠤ᠂ ᠳᠠᠷᠠᠭᠠᠴᠢ ᠶᠢᠨ ᠤᠬᠠᠭᠤᠯᠤᠨ ᠲᠠᠶᠢᠯᠪᠤᠷᠢᠯᠠᠬᠤ ᠠᠵᠢᠯ ᠤᠨ ᠳᠤᠮᠳᠠ ᠪᠣᠳᠠᠲᠠᠢ ᠲᠠᠢ ᠤᠯᠠᠮ ᠣᠶᠢᠷᠠᠲᠤᠵᠤ᠂ ᠠᠮᠢᠳᠤᠷᠠᠯ ᠲᠠᠢ ᠤᠯᠠᠮ ᠣᠶᠢᠷᠠᠲᠤᠵᠤ᠂ ᠤᠯᠠᠨ ᠲᠦᠮᠡᠨ ᠲᠠᠢ ᠤᠯᠠᠮ ᠣᠶᠢᠷᠠᠲᠤᠵᠤ᠂ ᠪᠠᠶᠠᠨ᠋ᠣ᠋ᠪᠣᠭ᠎ᠠ ᠶᠢᠨ ᠲᠠᠭᠤᠨ ᠢ ᠴᠤᠤᠷᠢᠶᠠᠲᠤᠭᠤᠯᠵᠤ᠂ ᠮᠠᠨ ᠤ ᠣᠷᠣᠨ ᠤ ᠤᠬᠠᠭᠤᠯᠤᠨ ᠲᠠᠶᠢᠯᠪᠤᠷᠢᠯᠠᠬᠤ ᠠᠵᠢᠯ ᠤᠨ ᠰᠢᠨ᠎ᠡ ᠦᠷ᠎ᠡ ᠪᠦᠲᠦᠮᠵᠢ ᠣᠯᠬᠤ ᠶᠢ ᠠᠬᠢᠭᠤᠯᠵᠤ᠂ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠭᠰᠠᠨ ᠪᠠᠶᠠᠨ᠋ᠣ᠋ᠪᠣᠭ᠎ᠠ ᠶᠢᠨ ᠰᠢᠨ᠎ᠡ ᠬᠠᠭᠤᠳᠠᠰᠤ ᠶᠢ ᠪᠢᠴᠢᠭᠯᠡᠬᠦ ᠳᠤ ᠥᠪᠡᠷ ᠤᠨ ᠬᠤᠪᠢ ᠨᠡᠮᠡᠷᠢ ᠪᠠᠨ ᠦᠵᠡᠭᠦᠯᠬᠦ ᠬᠡᠷᠡᠭᠲᠡᠢ ᠭᠡᠵᠦ ᠵᠢᠭᠠᠵᠤ ᠭᠠᠷᠭᠠᠪᠠ᠃
 
ᠢᠷᠡᠯᠲᠡ᠄ ᠪᠠᠶ᠋ᠬᠠᠣᠪᠤᠭ᠎ᠠ ᠠᠭᠤᠷᠬᠠᠢ ᠶᠢᠨ ᠲᠣᠭᠤᠷᠢᠭ ᠤᠨ ᠵᠠᠰᠠᠭ ᠤᠨ ᠣᠷᠳᠤᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号