ᠭᠠᠶᠢᠬᠠᠮᠰᠢᠭᠲᠦᠤ ᠴᠢᠯᠠᠭᠤ ᠬᠤᠷᠠᠨ ᠴᠤᠭᠯᠠᠷᠠᠵᠤ᠂ ᠥᠨᠢᠷ ᠪᠠᠶᠠᠯᠢᠭ ᠬᠤᠪᠢᠯᠭᠠᠨ ᠠᠭᠤᠯᠠ ᠪᠠᠰᠠ ᠦᠪᠡᠳᠡᠭᠰᠢ ᠴᠤᠭᠯᠠᠭᠠᠨ ᠢᠶᠠᠨ ᠤᠭᠲᠤᠵᠤ︔ ᠤᠶᠠᠬᠠᠨ | ᠰᠠᠯᠬᠢ ᠢᠯᠭᠤᠮ᠂ ᠡᠶ᠎ᠡ ᠨᠠᠶᠢᠷᠠᠮᠳᠠᠭᠤ ᠤᠮᠠᠷᠠᠲᠤ ᠬᠢᠯᠢ ᠶᠢ ᠳᠠᠬᠢᠨᠲᠠ ᠪᠢᠴᠢᠭᠯᠡᠶ᠎ᠡ᠃ | ᠡᠨᠡ ᠬᠦ ᠭᠤᠶᠣ ᠰᠠᠶᠢᠬᠠᠨ ᠤᠯᠠᠷᠢᠯ ᠳᠤ᠂ ᠡᠨᠡ ᠬᠦ ᠭᠤᠶᠢᠳᠠ ᠰᠠᠶᠢᠬᠠᠨ ᠦᠳᠡᠰᠢ᠂ ᠡᠨᠡ ᠬᠦ ᠦᠵᠡᠰᠭᠦᠯᠡᠩᠲᠦ ᠰᠠᠶᠢᠬᠠᠨ ᠲᠠᠯ᠎ᠠ ᠨᠤᠲᠤᠭ ᠲᠤ᠂ ᠡᠨᠡ ᠬᠦ | ᠰᠦᠷᠯᠢᠭ ᠰᠠᠶᠢᠬᠠᠨ ᠲᠠᠯ᠎ᠠ ᠭᠠᠵᠠᠷ ᠲᠤ᠂ 7 ᠳ᠋ᠤᠭᠠᠷ ᠰᠠᠷ᠎ᠠ ᠶᠢᠨ 16 ᠤ ᠡᠳᠦᠷ ᠤᠨ 20᠄30 ᠴᠠᠭ ᠲᠤ᠂ ᠪᠤᠭᠤᠲᠤ ᠬᠤᠲᠠ ᠶᠢᠨ ᠪᠠᠶ᠋ᠬᠠᠤᠪᠤᠭ᠎ᠠ | ᠠᠭᠤᠷᠬᠠᠶ ᠶᠢᠨ ᠲᠣᠭᠤᠷᠢᠭ ᠤᠨ ᠠᠷᠪᠠ ᠶᠢᠰᠦᠳᠦᠭᠡᠷ ᠬᠤᠭᠤᠴᠠᠭᠠᠨ ᠤ ᠬᠠᠴᠢᠨ ᠴᠢᠯᠠᠭᠤᠨ ᠤ ᠰᠣᠶᠣᠯ ᠵᠢᠭᠤᠯᠴᠢᠯᠠᠯ ᠤᠨ ᠨᠠᠶᠢᠷ ᠵᠢᠴᠢ ︽ᠳᠡᠯᠡᠬᠡᠶ ᠶᠢᠨ ᠬᠤᠪᠣᠷ | ᠰᠢᠷᠣᠶ ᠶᠢᠨ ᠨᠤᠲᠤᠭ︾ ᠤᠨ ᠰᠣᠶᠣᠯ ᠤᠷᠠᠯᠢᠭ ᠤᠨ ᠨᠠᠶᠢᠷ ᠤᠨ ᠡᠬᠢᠯᠡᠯᠲᠡ ᠶᠢᠨ ᠶᠣᠰᠣᠯᠠᠯ ᠤᠨ ᠦᠳᠡᠰᠢᠯᠡᠭᠡ ᠦᠪᠡᠳᠡᠭᠰᠢ ᠶᠡᠭᠡ ᠪᠠᠷ ᠶᠠᠪᠤᠭᠳᠠᠵᠤ᠂ ᠡᠨᠡ ᠨᠢ | ᠪᠠᠰᠠ ᠴᠤ ᠪᠤᠭᠤᠲᠤ ᠬᠤᠲᠠ ᠶᠢᠨ ᠪᠠᠶ᠋ᠬᠠᠤᠪᠤᠭ᠎ᠠ ᠠᠭᠤᠷᠬᠠᠶ ᠶᠢᠨ ᠲᠣᠭᠤᠷᠢᠭ ᠤᠨ ᠠᠷᠪᠠ ᠶᠢᠰᠦᠳᠦᠭᠡᠷ ᠬᠤᠭᠤᠴᠠᠭᠠᠨ ᠤ ᠬᠠᠴᠢᠨ ᠴᠢᠯᠠᠭᠤᠨ ᠤ ᠰᠣᠶᠣᠯ | ᠵᠢᠭᠤᠯᠴᠢᠯᠠᠯ ᠤᠨ ᠨᠠᠶᠢᠷ ᠵᠢᠴᠢ ︽ᠳᠡᠯᠡᠬᠡᠶ ᠶᠢᠨ ᠬᠤᠪᠣᠷ ᠰᠢᠷᠣᠶ ᠶᠢᠨ ᠨᠤᠲᠤᠭ︾ ᠤᠨ ᠰᠣᠶᠣᠯ ᠤᠷᠠᠯᠢᠭ ᠤᠨ ᠨᠠᠶᠢᠷ ᠵᠢᠩᠬᠢᠨᠢ ᠪᠠᠷ ᠡᠬᠢᠯᠡᠭᠰᠡᠨ ᠢ ᠬᠠᠷᠠᠭᠤᠯᠵᠤ | ᠪᠠᠶᠢᠨ᠎ᠠ᠃ | ᠳᠡᠯᠭᠡᠷ ᠵᠤᠨ ᠤ ᠰᠦᠨᠢ ᠶᠢᠨ ᠬᠤᠪᠣᠷ ᠰᠢᠷᠣᠶ ᠶᠢᠨ ᠠᠭᠤᠳᠠᠮ ᠲᠠᠯᠠᠪᠠᠢ᠂ ᠭᠡᠷᠡᠯ ᠭᠢᠯᠪᠠᠭ᠎ᠠ ᠰᠠᠴᠤᠷᠠᠪᠠ᠃ ᠣᠷᠣᠨ ᠤ ᠳᠣᠲᠣᠨ᠎ᠠ ᠭᠠᠳᠠᠨᠠᠬᠢ ᠬᠡᠳᠦᠨ | ᠮᠢᠩᠭᠠᠨ ᠵᠢᠭᠤᠯᠴᠢᠯᠠᠭᠴᠢᠳ ᠪᠣᠯᠤᠨ ᠣᠯᠠᠨ ᠲᠦᠮᠡᠨ ᠬᠤᠷᠠᠨ ᠴᠤᠭᠯᠠᠷᠠᠵᠤ᠂ ᠪᠠᠶᠠᠷ ᠬᠦᠷ ᠢᠶᠠᠷ ᠪᠢᠯᠬᠠᠵᠤ ᠪᠠᠶᠢᠯ᠎ᠠ᠃ ᠲᠣᠮᠣ ᠬᠡᠯᠪᠡᠷᠢ ᠶᠢᠨ ᠳᠠᠭᠤᠤ ᠪᠥᠵᠢᠭ | ︽ᠵᠠᠯᠠᠭᠤ ᠨᠠᠶᠢᠵᠠ ᠨᠠᠷ ᠤᠨ ᠠᠭᠤᠯᠵᠠᠯᠲᠠ︾ ᠶᠢᠨ ᠦᠪᠡᠳᠡᠭᠰᠢ ᠶᠡᠭᠡ ᠲᠠᠶᠢᠰᠠᠨ ᠳᠤ ᠭᠠᠷᠬᠤ ᠶᠢ ᠳᠠᠭᠠᠯᠳᠤᠨ᠂ ᠡᠬᠢᠯᠡᠯᠲᠡ ᠶᠢᠨ ᠶᠣᠰᠣᠯᠠᠯ ᠤᠨ ᠦᠳᠡᠰᠢᠯᠡᠭᠡ | ᠵᠢᠩᠬᠢᠨᠢ ᠪᠠᠷ ᠡᠬᠢᠯᠡᠪᠡ᠃ ᠦᠳᠡᠰᠢᠯᠡᠭᠡ ᠶᠢ ᠥᠪᠥᠷ ᠮᠣᠩᠭᠤᠯ ᠤᠨ ᠷᠠᠳᠢᠣ᠋ ᠲᠧᠯᠸᠢᠰ ᠬᠤᠷᠢᠶ᠎ᠠ ᠠᠴᠠ ᠢᠷᠡᠭᠰᠡᠨ ᠲᠦᠩ ᠢᠦᠢ᠂ ᠯᠦᠸᠧ ᠢᠦᠢ | ᠬᠥᠲᠥᠯᠪᠦᠷᠢ ᠠᠴᠠ ᠡᠷᠬᠢᠯᠡᠵᠦ᠂ ︽ᠭᠤᠶᠢᠳᠠ ᠰᠠᠶᠢᠬᠠᠨ ᠪᠠᠶ᠋ᠬᠠᠣᠪᠤᠭ᠎ᠠ︾᠂ ︽ᠣᠷᠭᠢᠯᠤᠮ᠎ᠠ ᠬᠠᠯᠠᠭᠤᠨ ᠰᠡᠳᠬᠢᠯᠭᠡ ᠪᠠᠷ ᠤᠷᠤᠭᠰᠢᠯᠠᠬᠤ︾᠂ ︽ᠭᠡᠷᠡᠯ | ᠰᠠᠴᠤᠷᠠᠩᠭᠤᠢ ᠪᠠᠶ᠋ᠬᠠᠣᠪᠤᠭ᠎ᠠ︾᠂ ︽ᠭᠡᠷᠡᠯ ᠰᠠᠴᠤᠷᠠᠩᠭᠤᠢ ᠬᠦᠰᠡᠯ ᠵᠡᠭᠦᠳᠦ ᠨᠢ ᠭᠢᠯᠠᠯᠵᠠᠬᠤ︾ ᠵᠡᠷᠭᠡ ᠭᠤᠷᠪᠠᠨ ᠪᠦᠯᠦᠭ ᠬᠤᠪᠢᠶᠠᠵᠤ᠂ ᠳᠠᠭᠤᠤ᠂ ᠪᠥᠵᠢᠭ᠂ | ᠱᠤᠭ ᠪᠦᠲᠦᠭᠡᠯ ᠵᠡᠷᠭᠡ ᠤᠷᠠᠯᠢᠭ ᠤᠨ ᠬᠡᠯᠪᠡᠷᠢ ᠶᠢ ᠴᠤᠭᠯᠠᠭᠤᠯᠵᠤ᠂ ᠲᠤᠬᠠᠢ ᠶᠢᠨ ᠲᠠᠯᠠᠪᠠᠢ ᠶᠢᠨ ᠦᠵᠡᠭᠴᠢᠳ ᠢ ᠰᠣᠶᠣᠯ ᠤᠷᠠᠯᠢᠭ ᠤᠨ ᠲᠠᠯᠠᠢ ᠲᠠᠩᠭᠢᠰ ᠲᠤ | ᠭᠦᠨ ᠰᠣᠭᠲᠣᠭᠤᠷᠠᠭᠤᠯᠪᠠ᠃ | ︽ᠠᠯᠤᠰ ᠬᠤᠯᠠ ᠶᠢᠨ ᠢᠨᠴᠠᠭᠠᠬᠤ ᠳᠠᠭᠤᠨ ᠡᠨᠡ ᠬᠦ ᠬᠤᠪᠢᠯᠭᠠᠨ ᠠᠭᠤᠯᠠᠨ ᠳᠤ ᠴᠤᠤᠷᠢᠶᠠᠳᠤᠨ᠎ᠠ︔ ᠰᠠᠶᠢᠨ ᠰᠠᠶᠢᠬᠠᠨ ᠤᠯᠠᠮᠵᠢᠯᠠᠯ ᠶᠠᠷᠢᠶ᠎ᠠ ᠡᠨᠡ ᠬᠦ ᠲᠠᠯ᠎ᠠ | ᠨᠤᠲᠤᠭ ᠢ ᠭᠡᠷᠡᠯᠳᠦᠭᠦᠯᠪᠡ᠃ ᠰᠠᠯᠬᠢ ᠮᠢᠩᠭᠠᠨ ᠣᠨ ᠪᠤᠷᠤᠭᠠᠨ ᠮᠢᠩᠭᠠᠨ ᠣᠨ᠂ ᠰᠠᠯᠬᠢ ᠪᠤᠷᠤᠭᠠᠨ ᠮᠢᠩᠭᠠᠨ ᠣᠨ ᠬᠤᠪᠤᠷ ᠰᠢᠷᠤᠢ ᠶᠢᠨ ᠬᠡᠷᠡᠯ ᠬᠢᠯᠪᠠᠭ᠎ᠠ ᠶᠢ | ᠬᠦᠮᠦᠵᠢᠭᠦᠯᠪᠡ ᠁︾ ᠪᠠᠶᠠᠨ᠋ᠣ᠋ᠪᠣᠭ᠎ᠠ ᠶᠢᠨ ᠳᠠᠭᠤᠤ ᠶᠢ ᠳᠠᠭᠤᠯᠠᠬᠤ ᠨᠢ ᠠᠶᠠᠨᠳᠠᠭᠠᠨ ᠬᠠᠮᠤᠭ ᠤᠨ ᠬᠦᠷᠢᠶᠡᠯᠡᠯ ᠲᠠᠢ ᠪᠠᠶᠢᠳᠠᠭ᠂ ᠡᠨᠡ ᠬᠦ ᠪᠠᠶ᠋ᠬᠠᠤᠪᠤᠭ᠎ᠠ ᠶᠢᠨ | ᠨᠤᠲᠤᠭ ᠤᠨ ᠠᠯᠳᠠᠷᠲᠤ ᠵᠣᠬᠢᠶᠠᠯᠴᠢ ᠭᠡ᠊ · ᠨᠠᠷᠠᠨᠲᠤᠶᠠᠭ᠎ᠠ ᠶᠢᠨ ᠵᠣᠬᠢᠶᠠᠨ ᠪᠦᠲᠦᠭᠡᠭᠰᠡᠨ ︽ᠲᠠᠯ᠎ᠠ ᠨᠤᠲᠤᠭ ᠤᠨ ᠬᠤᠪᠢᠯᠭᠠᠨ ᠠᠭᠤᠯᠠ︾ ᠶᠢᠨ ᠦᠯᠢᠭᠡᠷ ᠢ | ᠰᠠᠶᠢᠬᠠᠨ ᠬᠥᠭᠵᠢᠮᠳᠡᠵᠦ᠂ ᠦᠵᠡᠭᠴᠢᠳ ᠬᠠᠯᠠᠭᠤᠨ ᠢᠶᠠᠷ ᠠᠯᠠᠭ᠎ᠠ ᠲᠠᠰᠢᠪᠠ᠃ ︽ᠤᠷᠢᠳᠠᠪᠠᠷ ᠪᠠᠶ᠋ᠬᠠᠣᠪᠤᠭ᠎ᠠ ᠠᠭᠤᠷᠬᠠᠢ ᠲᠠᠢ᠂ ᠳᠠᠷᠠᠭ᠎ᠠ ᠨᠢ ᠪᠤᠭᠤᠲᠤ | ᠪᠣᠯᠣᠳ ᠤᠨ ᠬᠤᠲᠠ ᠲᠠᠢ︾᠂ ︽ᠪᠠᠶ᠋ᠬᠠᠣᠪᠤᠭ᠎ᠠ ᠂ ᠲᠠ ᠨᠠᠳᠠ ᠬᠡᠯᠡᠭᠡᠷᠡᠢ︾ ᠭᠡᠬᠦ ᠵᠡᠷᠭᠡ ᠳᠠᠭᠤᠤ ᠨᠢ ᠬᠦᠮᠦᠰ ᠤᠨ ᠬᠦᠷᠢᠶᠡᠯᠡᠯ ᠢ ᠶᠡᠬᠡᠳᠡ ᠤᠯᠵᠠᠢ᠃ ᠬᠡᠨ | ᠰᠦᠷ ᠵᠢᠪᠬᠤᠯᠠᠩᠲᠤ ᠳᠠᠭᠤᠤ ᠶᠢᠨ ᠠᠶ᠎ᠠ ᠪᠠᠷ ᠭᠦᠨ ᠨᠣᠶᠢᠷᠰᠤᠵᠤ ᠪᠠᠶᠢᠭᠰᠠᠨ ᠡᠯᠡᠰᠦᠨ ᠴᠥᠯ ᠢ ᠰᠡᠷᠢᠭᠡᠭᠰᠡᠨ ᠪᠤᠶ︖ ᠬᠡᠨ ᠭᠤᠶᠣ ᠰᠠᠶᠢᠬᠠᠨ ᠳᠣᠮᠤᠭ | ᠶᠠᠷᠢᠶ᠎ᠠ ᠶᠢ ᠠᠯᠲᠠᠨ ᠥᠩᠭᠡ ᠶᠢᠨ ᠣᠯᠤᠯᠲᠠ ᠪᠣᠯᠭᠠᠭᠰᠠᠨ ᠪᠤᠢ ᠁ ᠪᠠᠶ᠋ᠬᠠᠣᠪᠤᠭ᠎ᠠ ᠴᠢ ᠨᠠᠳᠠ ᠬᠡᠯᠡᠭᠡᠷᠡᠢ︕︾ ᠲᠠᠶᠢᠰᠠᠨ ᠳᠡᠭᠡᠷ᠎ᠡ ᠳᠠᠭᠤᠴᠢᠨ ᠭᠦᠨ | ᠰᠡᠳᠬᠢᠯᠭᠡ ᠲᠠᠢ ᠪᠠᠷ ᠳᠠᠭᠤᠯᠠᠵᠤ᠂ ᠲᠠᠶᠢᠰᠠᠨ ᠳᠣᠣᠷᠠᠬᠢ ᠦᠵᠡᠭᠴᠢᠳ ᠶᠡᠭᠡ ᠳᠠᠭᠤᠨ ᠢᠶᠠᠷ ᠬᠠᠮᠲᠤ ᠳᠠᠭᠠᠨ ᠳᠠᠭᠤᠯᠠᠵᠤ᠂ ᠮᠠᠰᠢ ᠰᠤᠨᠤᠰᠪᠤᠷᠢᠲᠠᠢ᠂ ᠮᠠᠰᠢ | ᠰᠡᠳᠬᠢᠯ ᠬᠦᠳᠡᠯᠭᠡᠮ᠎ᠡ ᠪᠠᠶᠢᠯ᠎ᠠ᠃ | ᠠᠯᠳᠠᠷᠲᠤ ᠳᠠᠭᠤᠴᠢᠨ ᠰᠦᠯᠢᠶᠠᠴᠡᠴᠡᠭ ᠤᠨ ᠦᠳᠡᠰᠢᠯᠡᠭᠡ ᠳᠤ ᠤᠷᠤᠯᠴᠠᠵᠦ ᠤᠷᠭᠢᠯ ᠳᠤᠨᠢ ᠬᠦᠷᠭᠡᠵᠡᠢ᠃ ᠰᠦᠯᠢᠶᠠᠴᠡᠴᠡᠭ ᠪᠣᠯ ᠳᠤᠮᠳᠠᠳᠤ ᠤᠯᠤᠰ ᠤᠨ | ᠤᠳᠬ᠎ᠠ ᠤᠷᠠᠯᠢᠭ ᠤᠨ ᠰᠠᠶᠢᠨ ᠳᠤᠷ᠎ᠠ ᠶᠢᠨ ᠦᠢᠯᠡᠴᠢᠯᠡᠭᠴᠢ᠂ ᠳᠤᠮᠳᠠᠳᠤ ᠤᠯᠤᠰ ᠤᠨ ᠳᠠᠭᠤᠤ ᠬᠥᠭᠵᠢᠮᠴᠢᠳ ᠤᠨ ᠨᠡᠶᠢᠭᠡᠮᠯᠢᠭ ᠤᠨ ᠭᠡᠰᠢᠭᠦᠨ᠂ ᠥᠪᠥᠷ | ᠮᠣᠩᠭᠤᠯ ᠤᠨ ᠳᠠᠭᠤᠤ ᠬᠥᠭᠵᠢᠮᠴᠢᠳ ᠤᠨ ᠨᠡᠶᠢᠭᠡᠮᠯᠢᠭ ᠤᠨ ᠭᠡᠰᠢᠭᠦᠨ᠂ ᠥᠪᠥᠷ ᠮᠣᠩᠭᠤᠯ ᠤᠨ ᠰᠦᠯᠵᠢᠶᠡᠨ ᠤ ᠤᠳᠬ᠎ᠠ ᠤᠷᠠᠯᠢᠭᠴᠢᠳ ᠤᠨ ᠨᠡᠶᠢᠭᠡᠮᠯᠢᠭ ᠤᠨ | ᠳᠡᠳ᠋ ᠲᠡᠷᠢᠭᠦᠯᠡᠭᠴᠢ᠃ ᠦᠳᠡᠰᠢᠯᠡᠭᠡ ᠳᠡᠭᠡᠷ᠎ᠡ᠂ ᠰᠦᠯᠢᠶᠠᠴᠡᠴᠡᠭ ︽ᠳᠡᠭᠦᠯᠢᠨ ᠳᠠᠭᠤᠯᠠᠶ᠎ᠠ︾ ᠭᠡᠬᠦ ᠳᠠᠭᠤᠤ ᠶᠢ ᠳᠠᠭᠤᠯᠠᠵᠤ᠂ ᠳᠠᠷᠠᠭ᠎ᠠ ᠨᠢ ᠪᠠᠰᠠ ︽ᠯᠦᠩ | ᠮᠧᠢ ᠢᠦᠢ ᠷᠦᠩ ᠤᠨ ᠲᠠᠯ᠎ᠠ ᠨᠤᠲᠤᠭ︾ ᠭᠡᠬᠦ ᠳᠠᠭᠤᠤ ᠶᠢ ᠳᠠᠭᠤᠯᠠᠪᠠ᠃ ︽ᠨᠢᠭᠡ ᠬᠤᠪᠢᠰᠭᠠᠯ ᠤᠨ ᠦᠯᠢᠭᠡᠷ ᠲᠡᠭᠷᠢ ᠶᠢᠨ ᠬᠢᠵᠠᠭᠠᠷ ᠲᠤ ᠤᠯᠠᠮᠵᠢᠯᠠᠭᠳᠠᠵᠤ᠂ | ᠨᠢᠭᠡ ᠲᠠᠯ᠎ᠠ ᠨᠤᠲᠤᠭ ᠤᠨ ᠥᠷᠯᠥᠭᠡ ᠶᠢᠨ ᠳᠠᠭᠤᠤ ᠨᠢ ᠰᠣᠩᠭᠤᠳᠠᠭ ᠪᠦᠲᠦᠭᠡᠯ ᠪᠤᠯᠵᠠᠢ᠃ ᠠᠳᠡᠬᠢ ᠪᠣᠯ ᠬᠤᠪᠣᠷ ᠰᠢᠷᠣᠶ ᠶᠢᠨ ᠨᠤᠲᠤᠭ ᠤᠨ ᠪᠣᠯᠣᠳ | ᠲᠡᠮᠦᠷ ᠤᠨ ᠥᠯᠥᠭᠡᠢ᠂ ᠡᠬᠡ ᠤᠯᠤᠰ ᠤᠨ ᠤᠮᠠᠷᠠᠲᠤ ᠶᠢᠨ ᠦᠵᠡᠰᠬᠦᠯᠡᠩᠲᠦ ᠰᠠᠶᠢᠬᠠᠨ ᠦᠵᠡᠮᠵᠢ ᠶᠢᠨ ᠣᠷᠣᠨ ᠪᠣᠯᠣᠨ᠎ᠠ᠃ ᠰᠡᠳᠬᠢᠯ ᠬᠥᠳᠡᠯᠭᠡᠮ᠎ᠡ ᠳᠠᠭᠤᠨ ᠤ | ᠦᠭᠡ᠂ ᠢᠷᠠᠭᠤ ᠰᠠᠶᠢᠬᠠᠨ ᠠᠶᠢᠵᠠᠮ᠂ ᠭᠦᠨ ᠰᠡᠳᠬᠢᠯᠭᠡᠲᠦ ᠲᠣᠭᠯᠠᠯᠲᠠ ᠨᠢ ᠦᠵᠡᠭᠴᠢᠳ ᠢ ᠲᠠᠶᠢᠰᠠᠨ ᠳᠤ ᠤᠲᠠᠲᠠᠯ᠎ᠠ ᠰᠣᠭᠲᠣᠭᠤᠷᠠᠭᠤᠯᠵᠤ᠂ ᠳᠠᠭᠤᠨ ᠤ | ᠳᠤᠮᠳᠠ ᠰᠣᠭᠲᠣᠭᠤᠷᠠᠭᠤᠯᠤᠨ᠎ᠠ᠃ | ᠪᠠᠶ᠋ᠬᠠᠤᠪᠤᠭ᠎ᠠ ᠠᠭᠤᠷᠬᠠᠢ ᠶᠢᠨ ᠲᠣᠭᠤᠷᠢᠭ ᠪᠣᠯ ᠲᠠᠯ᠎ᠠ ᠨᠤᠲᠤᠭ ᠤᠨ ᠪᠢᠴᠢᠬᠠᠨ ᠪᠠᠭᠠᠲᠤᠷ ᠡᠭᠡᠴᠢ ᠥᠬᠢᠨ ᠳᠡᠭᠦᠤ ᠶᠢᠨ ᠦᠢᠯᠡ ᠶᠠᠪᠤᠳᠠᠯ ᠡᠭᠦᠰᠦᠭᠰᠡᠨ | ᠭᠠᠵᠠᠷ ᠪᠣᠯᠤᠨ᠎ᠠ᠂ ᠡᠨᠡ ᠵᠢᠯ ᠶᠠᠭ ᠪᠠᠭᠠᠲᠤᠷᠯᠢᠭ ᠦᠢᠯᠡ ᠠᠵᠢᠯᠯᠠᠭ᠎ᠠ ᠡᠭᠦᠰᠦᠭᠰᠡᠨ 60 ᠵᠢᠯ ᠪᠣᠯᠤᠨ᠎ᠠ᠃ ᠡᠶᠢᠮᠦ ᠠᠴᠠ᠂ ᠦᠳᠡᠰᠢᠯᠡᠭᠡ ᠶᠢᠨ ᠬᠠᠮᠤᠭ ᠤᠨ | ᠶᠡᠭᠡ ᠬᠢᠯᠠᠰ ᠴᠡᠭ ᠪᠣᠯ ᠲᠠᠯ᠎ᠠ ᠨᠤᠲᠤᠭ ᠤᠨ ᠪᠠᠭᠠᠲᠤᠷ ᠡᠭᠡᠴᠢ ᠥᠬᠢᠨ ᠳᠡᠭᠦᠤ ᠯᠦᠩ ᠮᠧᠶ ᠢᠦᠶ ᠷᠦᠩ ᠲᠤᠰ ᠦᠳᠡᠰᠢᠯᠡᠭᠡ ᠶᠢᠨ ᠲᠤᠬᠠᠶ ᠶᠢᠨ ᠲᠠᠯᠠᠪᠠᠶ ᠳᠤ | ᠥᠷᠭᠡᠨ ᠣᠯᠠᠨ ᠦᠵᠡᠭᠴᠢᠳ ᠲᠠᠢ ᠠᠭᠤᠯᠵᠠᠬᠤ ᠪᠣᠯᠤᠨ᠎ᠠ᠃ ᠯᠦᠩ ᠮᠧᠢ ᠢᠦᠢ ᠷᠦᠩ᠄ ︽ᠪᠠᠶ᠋ᠬᠠᠤᠪᠤᠭ᠎ᠠ ᠪᠣᠯ ᠮᠠᠨ ᠤ ᠨᠤᠲᠤᠭ ᠮᠥᠨ᠂ 60 ᠵᠢᠯ ᠤᠨ | ᠡᠮᠦᠨᠡᠬᠢ ᠬᠠᠮᠤᠭ ᠤᠨ ᠮᠠᠷᠲᠠᠭᠳᠠᠰᠢ ᠦᠭᠡᠢ ᠡᠳᠦᠷ ᠲᠤ᠂ ᠪᠢᠳᠡ ᠬᠤᠶᠠᠷ ᠪᠣᠯ ᠪᠠᠶ᠋ᠬᠠᠣᠪᠤᠭ᠎ᠠ ᠳᠤ ᠬᠠᠮᠤᠭ ᠤᠨ ᠲᠦᠷᠦᠭᠦᠨ ᠳᠤ ᠠᠪᠤᠷᠠᠨ ᠲᠤᠰᠠᠯᠠᠯᠲᠠ | ᠬᠦᠷᠲᠡᠵᠡᠢ᠃ ᠪᠢᠳᠡ ᠨᠠᠮ ᠪᠠ ᠤᠯᠤᠰ ᠠᠴᠠ ᠪᠢᠳᠡᠨ ᠢ ᠬᠥᠮᠦᠵᠢᠭᠦᠯᠦᠭᠰᠡᠨ ᠳᠤ ᠢᠮᠠᠭᠲᠠ ᠲᠠᠯᠠᠷᠬᠠᠵᠤ ᠪᠠᠶᠢᠨ᠎ᠠ᠂ ᠡᠨᠡ ᠬᠡᠰᠡᠭ ᠭᠠᠵᠠᠷ ᠰᠢᠷᠣᠢ ᠪᠠ ᠠᠳᠡᠬᠢ | ᠬᠥᠮᠦᠰ ᠲᠤ ᠲᠠᠯᠠᠷᠬᠠᠵᠤ ᠪᠠᠶᠢᠨ᠎ᠠ᠃ ᠬᠡᠳᠦᠨ ᠠᠷᠪᠠᠨ ᠵᠢᠯ ᠤᠨ ᠲᠤᠷᠰᠢ᠂ ᠪᠢᠳᠡ ᠨᠤᠲᠤᠭ ᠤᠰᠤ ᠪᠠᠨ ᠦᠷᠭᠦᠯᠵᠢ ᠠᠩᠬᠠᠷᠴᠤ᠂ ᠡᠨᠡ ᠬᠦ ᠬᠠᠯᠠᠭᠤᠨ | ᠬᠥᠷᠥᠰᠥᠨ ᠳᠤ ᠮᠠᠰᠢ ᠣᠯᠠᠨ ᠪᠦᠲᠦᠭᠡᠨ ᠪᠠᠶᠢᠭᠤᠯᠤᠭᠴᠢᠳ ᠦᠭᠡ ᠳᠠᠭᠤᠨ ᠦᠭᠡᠢ ᠪᠠᠷ ᠬᠤᠪᠢ ᠨᠡᠮᠡᠷᠢ ᠦᠵᠡᠭᠦᠯᠵᠦ᠂ ᠮᠠᠰᠢ ᠣᠯᠠᠨ ᠠᠮᠵᠢᠯᠲᠠ ᠣᠯᠵᠤ᠂ | ᠪᠠᠶ᠋ᠬᠠᠤᠪᠤᠭ᠎ᠠ ᠠᠭᠤᠷᠬᠠᠢ ᠶᠢᠨ ᠲᠣᠭᠤᠷᠢᠭ ᠲᠤ ᠲᠩᠷᠢ ᠭᠠᠵᠠᠷ ᠢ ᠳᠣᠩᠰᠣᠯᠭᠠᠮ᠎ᠠ ᠬᠤᠪᠢᠷᠠᠯᠲᠠ ᠭᠠᠷᠬᠤ ᠶᠢ ᠣᠶᠢᠯᠠᠭᠠᠪᠠ᠃ ᠠᠳᠡ ᠪᠢᠳᠡ ᠪᠠᠰᠠ ᠨᠤᠲᠤᠭ | ᠤᠰᠤᠨ ᠤ ᠪᠠᠨ ᠠᠬ᠎ᠠ ᠳᠡᠭᠦᠦ ᠨᠠᠷ ᠥᠯᠵᠡᠢ ᠪᠡᠯᠭᠡ ᠲᠠᠢ ᠠᠮᠤᠷ ᠠᠮᠤᠭᠤᠯᠠᠩ ᠪᠠᠶᠢᠬᠤ ᠶᠢ ᠢᠷᠦᠭᠡᠵᠦ᠂ ᠪᠠᠶ᠋ᠬᠠᠤᠪᠤᠭ᠎ᠠ ᠴᠡᠴᠡᠭᠯᠡᠨ ᠬᠦᠴᠦᠷᠬᠡᠭᠵᠢᠬᠦ ᠶᠢ | ᠵᠦᠩᠨᠡᠶ᠎ᠡ︕︾᠃ | ᠦᠵᠡᠭᠴᠢᠳ ᠤᠨ ᠬᠠᠯᠠᠭᠤᠨ ᠠᠯᠠᠭ᠎ᠠ ᠲᠡᠰᠢᠯᠲᠡ ᠶᠢ ᠪᠠᠭᠠᠲᠤᠷ ᠡᠭᠡᠴᠢ ᠳᠡᠭᠦᠦ ᠳᠤ ᠬᠦᠷᠭᠡᠵᠦ᠂ ᠪᠠᠭᠠᠲᠤᠷᠴᠤᠳ ᠤᠨ ᠵᠣᠷᠢᠭ ᠰᠠᠨᠠᠭ᠎ᠠ ᠪᠠᠯᠠᠷᠠᠰᠢ ᠦᠭᠡᠢ | ᠪᠠᠶᠢᠬᠤ ᠶᠢ ᠵᠦᠩᠨᠡᠵᠦ᠂ ᠪᠠᠭᠠᠲᠤᠷᠴᠤᠳ ᠤᠨ ᠪᠡᠶ᠎ᠡ ᠮᠠᠬᠠᠪᠤᠳ ᠡᠷᠡᠭᠦᠯ ᠲᠡᠩᠬᠡᠯᠡᠭᠦᠨ ᠪᠠᠶᠢᠬᠤ ᠶᠢ ᠵᠦᠩᠨᠡᠪᠡ᠃ | ︽ᠵᠠᠪᠰᠢᠶᠠᠨ ᠢᠷᠡᠵᠦ ᠵᠠᠶᠠᠭ᠎ᠠ ᠬᠤᠪᠢᠷᠠᠬᠤ ᠳᠥᠷᠪᠡᠨ ᠵᠦᠭ ᠢ ᠵᠦᠩᠨᠡᠶ᠎ᠡ᠂ ᠠᠵᠠ ᠬᠡᠶᠢᠮᠦᠷᠢ ᠳᠡᠭᠳᠡᠵᠦ ᠶᠠᠪᠤᠳᠠᠯ ᠪᠦᠬᠦᠨ ᠪᠦᠲᠦᠮᠤᠢ᠃ ᠬᠤᠪᠣᠷ ᠰᠢᠷᠣᠢ ᠶᠢᠨ | ᠭᠡᠷᠡᠯ ᠰᠠᠴᠤᠷᠠᠩᠭᠤᠢ ᠦᠢᠯᠡᠰ ᠢ ᠳᠡᠯᠡᠬᠡᠢ ᠳ᠋ᠠᠬᠢᠨ ᠢᠶᠠᠷ ᠢᠶᠠᠨ ᠬᠠᠮᠲᠤᠪᠠᠷ ᠰᠣᠨᠢᠷᠬᠠᠵᠤ᠂ ᠪᠠᠶᠠᠨ᠋ᠣ᠋ᠪᠣᠭ᠎ᠠ ᠪᠠᠶᠠᠷ ᠬᠦᠷ ᠢᠶᠠᠷ ᠪᠢᠯᠬᠠᠨ᠎ᠠ︾᠃ ᠦᠳᠡᠰᠢᠯᠡᠭᠡ ᠨᠢ | ᠲᠣᠮᠣ ᠬᠡᠯᠪᠡᠷᠢ ᠶᠢᠨ ᠳᠠᠭᠤᠤ ᠪᠥᠵᠢᠭ ᠤᠨ ᠳᠤᠮᠳᠠ ᠥᠨᠳᠥᠷᠯᠡᠪᠡ᠃ | ᠣᠶᠢᠯᠠᠭᠠᠭᠰᠠᠨ ᠢᠶᠠᠷ᠂ ᠲᠣᠰ ᠬᠤᠭᠤᠴᠠᠭᠠᠨ ᠤ ᠨᠠᠶᠢᠷ ᠨᠢ ᠨᠢᠭᠡ ᠰᠠᠷ᠎ᠠ ᠶᠢᠨ ᠬᠤᠭᠤᠴᠠᠭ᠎ᠠ ᠲᠠᠢ ᠶᠠᠪᠤᠭᠳᠠᠵᠤ᠂ ᠡᠨᠡ ᠬᠤᠭᠤᠴᠠᠭᠠᠨ ᠳᠤ ᠬᠠᠴᠢᠨ | ᠴᠢᠯᠠᠭᠤᠨ ᠤ ᠳᠡᠯᠭᠡᠨ ᠪᠣᠷᠣᠯᠠᠭᠤᠯᠬᠤ ᠴᠤᠭᠯᠠᠭᠠᠨ᠂ ᠰᠣᠳᠣᠨ ᠴᠢᠯᠠᠭᠤᠨ ᠤ ᠦᠵᠡᠰᠬᠦᠯᠡᠩ ᠪᠠ ᠬᠠᠴᠢᠨ ᠴᠢᠯᠠᠭᠤᠨ ᠤ ᠠᠵᠤ ᠦᠢᠯᠡᠰ ᠤᠨ ᠬᠥᠭᠵᠢᠯᠲᠡ ᠶᠢᠨ | ᠰᠣᠯᠢᠯᠴᠠᠭᠠᠨ ᠤ ᠴᠤᠭᠯᠠᠭᠠᠨ ᠵᠡᠷᠭᠡ ᠬᠠᠴᠢᠨ ᠴᠢᠯᠠᠭᠤᠨ ᠤ ᠰᠣᠶᠣᠯ ᠵᠢᠭᠤᠯᠴᠢᠯᠠᠯ ᠤᠨ ᠨᠠᠶᠢᠷ ᠤᠨ ᠰᠢᠷᠢᠰ ᠠᠵᠢᠯᠯᠠᠭ᠎ᠠ ᠶᠢ ᠡᠷᠭᠢᠯᠡᠵᠦ᠂ ᠪᠠᠰᠠ ᠡᠬᠢᠯᠡᠯᠲᠡ ᠶᠢᠨ | ᠶᠣᠰᠣᠯᠠᠯ ᠤᠨ ᠤᠳᠬ᠎ᠠ ᠤᠷᠠᠯᠢᠭ ᠤᠨ ᠦᠳᠡᠰᠢᠯᠡᠭᠡ᠂ ᠪᠤᠭᠤᠲᠤ ᠶᠢᠨ ᠪᠣᠯᠣᠳ ᠲᠡᠮᠦᠷ ᠤᠨ ᠳᠠᠯᠠᠨ ᠵᠢᠯ ᠤᠨ ᠣᠶ ᠶᠢᠨ ᠲᠤᠰᠬᠠᠶ ᠤᠷᠠᠨ ᠰᠠᠶᠢᠬᠠᠨ ᠤ | ᠦᠳᠡᠰᠢᠯᠡᠭᠡ᠂ ︽ᠢᠷᠠᠭᠤ ᠡᠭᠡᠰᠢᠭᠯᠡᠯ ᠤᠨ ᠲᠦᠯᠬᠢᠭᠡᠨ ᠤ ᠳᠠᠭᠤᠨ︾ ᠤᠯᠤᠰ ᠤᠨ ᠤᠷᠤᠰᠬᠠᠯ ᠤᠨ ᠳᠠᠭᠤᠤ ᠬᠥᠭᠵᠢᠮ ᠤᠨ ᠴᠤᠭᠯᠠᠭᠠᠨ ᠵᠡᠷᠭᠡ ︽ | ᠳᠡᠯᠡᠬᠡᠶ ᠶᠢᠨ ᠬᠤᠪᠣᠷ ᠰᠢᠷᠣᠶ ᠶᠢᠨ ᠨᠤᠲᠤᠭ︾ ᠰᠣᠶᠣᠯ ᠤᠷᠠᠯᠢᠭ ᠤᠨ ᠨᠠᠶᠢᠷ ᠤᠨ ᠰᠢᠷᠢᠰ ᠠᠵᠢᠯᠯᠠᠭ᠎ᠠ ᠵᠢᠴᠢ ︽ᠵᠣᠨ ᠤ ᠡᠳᠦᠷ ᠤᠨ ᠤᠷᠤᠰᠬᠠᠯ FUN︾ | ᠫᠢᠸᠤ᠋ ᠶᠢᠨ ᠨᠠᠶᠢᠷ᠂ ︽ᠬᠠᠰᠢᠯᠭ᠎ᠠ ᠶᠢᠨ ᠠᠭᠤᠯᠵᠠᠯᠲᠠ︾ ᠪᠡᠯᠡᠳᠭᠡᠯ ᠬᠠᠰᠢᠯᠭ᠎ᠠ ᠴᠤᠭᠯᠠᠭ᠎ᠠ ᠮᠠᠶᠢᠮᠠᠶ ᠵᠡᠷᠭᠡ ︽ᠭᠡᠷᠡᠯ ᠬᠢᠯᠪᠠᠭ᠎ᠠ ᠪᠠᠶ᠋ᠬᠠᠣᠪᠤᠭ᠎ᠠ · ᠰᠦᠨᠢ ᠶᠢᠨ | ᠠᠵᠤ ᠠᠬᠤᠢ︾ ᠶᠢᠨ ᠰᠢᠷᠢᠰ ᠠᠵᠢᠯᠯᠠᠭ᠎ᠠ᠂ ᠠᠭᠤᠷᠬᠠᠶ ᠶᠢᠨ ᠣᠷᠣᠨ ᠤ ᠰᠣᠶᠣᠯ ᠵᠢᠭᠤᠯᠴᠢᠯᠠᠯ ᠤᠨ ᠠᠮᠢᠵᠢᠷᠠᠯ ᠤᠨ ᠬᠦᠴᠦᠨ ᠢ ᠪᠥᠬᠦ ᠲᠠᠯ᠎ᠠ ᠪᠠᠷ ᠢᠯᠡᠷᠡᠭᠦᠯᠵᠦ | ᠂ ᠪᠠᠶ᠋ᠬᠠᠤᠪᠤᠭ᠎ᠠ ᠠᠭᠤᠷᠬᠠᠶ ᠶᠢᠨ ᠲᠣᠭᠤᠷᠢᠭ ᠤᠨ ᠠᠵᠤ ᠠᠬᠤᠶ ᠶᠢᠨ ᠬᠥᠭᠵᠢᠯᠲᠡ ᠳᠤ ᠬᠦᠴᠦᠨ ᠨᠡᠮᠡᠷᠢᠯᠡᠨ᠎ᠡ᠃ | |