﹇ᠬᠠᠤᠯᠢ ᠴᠠᠭᠠᠵᠠ ᠶᠢᠨ ᠨᠡᠶᠢᠲᠡ ᠶᠢᠨ ᠢᠲᠡᠭᠡᠮᠵᠢ ᠶᠢ ᠳᠡᠭᠡᠭᠰᠢᠯᠡᠭᠦᠯᠬᠦ ᠣᠨ﹈   ︽ᠲᠡᠮᠦᠷ ᠬᠤᠸᠠᠷ ᠤᠨ ᠵᠣᠷᠢᠭ ᠰᠠᠨᠠᠭ᠎ᠠ︾ ᠪᠠᠷ ︽ᠵᠢᠵᠢᠭ ᠪᠥᠭᠡᠳ ᠨᠠᠷᠢᠯᠢᠭ︾ ᠨᠠᠷᠠᠲᠤ ᠲᠡᠮᠳᠡᠭᠲᠦ ᠶᠢᠨ ᠵᠢᠭᠰᠠᠭᠠᠯ ᠤᠨ ᠭᠠᠵᠠᠷ ᠢ ᠪᠣᠶ ᠪᠣᠯᠭᠠᠵᠤ ᠰᠢᠨ᠎ᠡ ᠴᠠᠭ ᠦᠶ᠎ᠡ ᠶᠢᠨ ᠬᠠᠤᠯᠢ ᠪᠠᠷ ᠵᠠᠰᠠᠬᠤ ᠠᠤᠭ᠎ᠠ ᠵᠢᠷᠤᠭ ᠲᠥᠯᠥᠪᠯᠡᠭᠡ ᠶᠢ ᠵᠢᠷᠤᠭᠯᠠᠪᠠ
ᠨᠡᠶᠢᠲᠡᠯᠡᠭᠰᠡᠨ ᠴᠠᠭ᠄
2024/8/20
    ︽ᠬᠢᠯᠢ ᠬᠢᠵᠠᠭᠠᠷ ᠲᠤ ᠣᠮᠤᠷᠬᠠᠭ ᠵᠣᠭᠰᠤᠨ᠂ ᠤᠮᠠᠷᠠᠲᠤ ᠬᠢᠯᠢ ᠶᠢ ᠰᠠᠬᠢᠶ᠎ᠠ︔ ᠬᠥᠮᠦᠨ ᠤ ᠣᠷᠴᠢᠯᠠᠩ ᠤᠨ ᠠᠷᠰᠢ ᠶᠢᠨ ᠣᠷᠣᠨ︾ᠪᠠᠶ᠋ᠬᠠᠣᠪᠤᠭ᠎ᠠ᠂ ᠮᠣᠩᠭᠤᠯ ᠬᠡᠯᠡᠨ ᠳᠤ ︽ᠥᠨᠢᠷ ᠪᠠᠶᠠᠯᠢᠭ ᠬᠤᠪᠢᠯᠭᠠᠨ ᠠᠭᠤᠯᠠ︾ ᠭᠡᠰᠡᠨ ᠤᠳᠬ᠎ᠠ ᠲᠠᠢ᠂ ᠳᠤᠮᠳᠠᠴᠢ ᠳᠠᠯᠠᠢ ᠠᠴᠠ ᠳᠡᠭᠡᠭᠰᠢ ᠡᠷᠭᠦᠭᠳᠡᠴᠡ 1605 ᠮᠧᠲᠷ ᠪᠠᠶᠢᠵᠤ᠂ ᠮᠣᠩᠭᠤᠯ ᠤᠨ ᠥᠨᠳᠦᠷᠯᠢᠭ ᠤᠨ ᠡᠮᠦᠨ᠎ᠡ ᠬᠡᠰᠡᠭ ᠂ ᠪᠤᠭᠤᠲᠤ ᠬᠤᠲᠠ ᠶᠢᠨ ᠬᠤᠶᠢᠲᠤ ᠬᠡᠰᠡᠭ ᠲᠤ ᠪᠠᠶᠢᠷᠢᠯᠠᠵᠤ᠂ ᠪᠤᠭᠤᠲᠤ ᠬᠤᠲᠠ ᠶᠢᠨ ᠬᠤᠲᠠ ᠲᠣᠭᠤᠷᠢᠭ ᠠᠴᠠ 149 ᠺᠢᠯᠤᠮᠧᠲᠷ ᠵᠠᠶᠢᠲᠠᠶ᠂ ᠲᠤᠰᠠᠭᠠᠷ ᠦᠢᠯᠡᠳᠪᠦᠷᠢ ᠠᠭᠤᠷᠬᠠᠢ ᠶᠢᠨ ᠣᠷᠣᠨ ᠪᠠᠶᠢᠵᠤ᠂ ᠭᠠᠵᠠᠷ ᠨᠤᠲᠤᠭ ᠥᠷᠭᠡᠨ ᠠᠭᠤᠳᠠᠮ᠂ ᠬᠥᠮᠦᠨ ᠬᠠᠷ᠎ᠠ ᠰᠡᠶᠢᠷᠡᠭ᠃ ᠲᠤᠬᠠᠶ ᠶᠢᠨ ᠵᠢᠯ ᠳᠤ ᠡᠬᠡ ᠤᠯᠤᠰ ᠤᠨ ᠪᠦᠲᠦᠭᠡᠨ ᠪᠠᠶᠢᠭᠤᠯᠤᠯᠲᠠ ᠶᠢᠨ ᠲᠥᠯᠥᠭᠡ᠂ ᠮᠠᠯᠴᠢᠳ ᠠᠷᠢᠭᠤᠨ ᠣᠪᠣᠭ᠎ᠠ ᠪᠠᠨ ᠨᠡᠭᠦᠯᠭᠡᠵᠦ᠂ ᠣᠷᠣᠰᠢᠨ ᠲᠣᠭᠲᠠᠨᠢᠭᠰᠠᠨ ᠨᠤᠲᠤᠭ ᠪᠡᠯᠴᠢᠭᠡᠷ ᠪᠠ ᠤᠰᠤᠨ ᠤ ᠡᠬᠢ ᠰᠤᠷᠪᠤᠯᠵᠢ ᠪᠠᠨ ᠵᠣᠷᠢᠭᠤᠯᠵᠤ᠂ ᠥᠨᠥᠳᠦᠷ ᠤᠨ ᠥᠪᠡᠷᠮᠢᠴᠡ ᠥᠩᠭᠡ ᠭᠢᠯᠪᠠᠭ᠎ᠠ ᠪᠠᠨ ᠰᠠᠴᠤᠷᠠᠭᠤᠯᠤᠭᠰᠠᠨ ᠪᠠᠶ᠋ᠬᠠᠤᠪᠤᠭ᠎ᠠ — ᠪᠤᠭᠤᠲᠤ ᠶᠢᠨ ᠪᠣᠯᠣᠳ ᠲᠡᠮᠦᠷ ᠤᠨ ᠬᠥᠮᠥᠷᠭᠡ᠂ ᠬᠤᠪᠣᠷ ᠰᠢᠷᠣᠶ ᠶᠢᠨ ᠡᠬᠡ ᠨᠤᠲᠤᠭ ᠢ ᠪᠦᠲᠦᠭᠡᠭᠰᠡᠨ ᠶᠤᠮ᠃
【司法公信提升年】以“铁花精神” 打造“小而精”的品牌阵地 擘画新时代法治宏伟蓝图.png
     ︽ᠨᠠᠪᠴᠢ ᠨᠢ ᠲᠤᠷᠠᠩᠬᠠᠢ ᠬᠦᠷᠡᠩ ᠮᠣᠳᠤᠨ ᠤ ᠡᠰᠢ ᠬᠠᠲᠠᠭᠤ᠂ ᠦᠯᠦᠰᠴᠦ ᠳᠠᠭᠠᠷᠠᠭᠰᠠᠨ ᠴᠢᠯᠠᠭᠤ ᠵᠠᠪᠰᠠᠷ ᠲᠠᠢ︾    ᠰᠡᠶᠢᠷᠡᠭ ᠴᠢᠯᠠᠭᠤ ᠣᠪᠤᠭᠠᠷᠠᠭᠰᠠᠨ᠂ ᠪᠠᠲᠤ ᠴᠢᠩᠭ᠎ᠠ ᠲᠠᠴᠢᠷ ᠨᠢᠮᠭᠡᠨ᠂ ᠪᠠᠶ᠋ᠬᠠᠣᠪᠤᠭ᠎ᠠ ᠠᠭᠤᠷᠬᠠᠢ ᠶᠢᠨ ᠳᠣᠲᠣᠷ᠎ᠠ ᠨᠢᠭᠡ ᠵᠦᠢᠯ ᠤᠨ ᠬᠠᠴᠢᠨ ᠴᠡᠴᠡᠭ ᠤᠷᠭᠤᠵᠤ᠂ ︽ᠰᠠᠯᠬᠢᠨ ᠦᠯᠢᠶᠡᠵᠦ ᠦᠬᠦᠬᠦ ᠦᠭᠡᠢ᠂ ᠭᠠᠩ ᠬᠠᠭᠰᠠᠷᠠᠭᠠᠨ ᠳᠤ ᠦᠬᠦᠬᠦ ᠦᠭᠡᠢ᠂ ᠬᠢᠷᠠᠭᠤ ᠤᠨᠠᠬᠤ ᠳᠤ ᠦᠬᠦᠬᠦ ᠦᠭᠡᠢ︾ ᠬᠠᠲᠠᠭᠤ ᠪᠡᠷᠬᠡ ᠠᠮᠢᠵᠢᠷᠠᠯ ᠤᠨ ᠬᠦᠴᠦᠨ ᠲᠠᠢ ᠪᠠᠶᠢᠳᠠᠭ᠃ ᠲᠡᠮᠦᠷ ᠬᠤᠸᠠᠷ ᠤᠨ ᠬᠠᠲᠠᠭᠤ ᠵᠠᠩ ᠴᠢᠨᠠᠷ ᠶᠠᠭ ᠪᠠᠶ᠋ᠬᠠᠣᠪᠤᠭ᠎ᠠ ᠳᠤ ᠠᠮᠢᠳᠤᠷᠠᠵᠤ ᠪᠠᠶᠢᠭ᠎ᠠ ᠬᠥᠮᠦᠰ ᠲᠠᠢ ᠠᠳᠠᠯᠢ᠂ ᠴᠥᠬᠦᠷᠡᠰᠢ ᠦᠭᠡᠢ ᠴᠢᠷᠮᠠᠶᠢᠨ ᠲᠡᠮᠡᠴᠡᠵᠦ᠂ ᠬᠦᠴᠦᠷᠬᠡᠭᠵᠢᠬᠦ ᠪᠠᠷ ᠬᠦᠴᠦᠯᠡᠨ ᠴᠢᠷᠮᠠᠶᠢᠵᠤ᠂ ᠵᠣᠪᠠᠭᠤᠷᠢ ᠵᠦᠳᠡᠭᠦᠷᠢ ᠶᠢ ᠲᠡᠰᠪᠦᠷᠢᠯᠡᠵᠦ᠂ ᠡᠷᠡᠯᠬᠡᠭᠯᠡᠨ ᠲᠡᠮᠡᠴᠡᠵᠦ᠂ ᠥᠪᠡᠷ ᠤᠨ ᠨᠢᠭᠡ ᠨᠠᠰᠤ ᠪᠠᠨ ᠵᠣᠷᠢᠭᠤᠯᠵᠤ᠂ ᠶᠡᠷᠦ ᠪᠤᠰᠤ ᠶᠢᠨ ᠠᠮᠵᠢᠯᠲᠠ ᠪᠦᠲᠦᠮᠵᠢ ᠶᠢ ᠪᠢᠴᠢᠭᠯᠡᠵᠦ᠂ ᠨᠢᠭᠡ ᠨᠢᠭᠡ ᠭᠠᠶᠢᠬᠠᠮᠰᠢᠭ ᠢ ᠡᠭᠦᠳᠴᠦ ᠪᠠᠶᠢᠳᠠᠭ᠃    ᠬᠦᠴᠦᠷᠬᠡᠭᠵᠢᠬᠦ ᠪᠠᠷ ᠬᠦᠴᠦᠯᠡᠨ ᠴᠢᠷᠮᠠᠶᠢᠳᠠᠭ ᠪᠠᠶ᠋ᠬᠠᠤᠪᠤᠭ᠎ᠠ ᠠᠭᠤᠷᠬᠠᠢ ᠶᠢᠨ ᠲᠣᠭᠤᠷᠢᠭ ᠤᠨ ᠰᠢᠭᠦᠬᠦ ᠬᠤᠷᠢᠶᠠᠨ ᠤ ᠬᠥᠮᠦᠰ ᠰᠢᠨ᠎ᠡ ᠴᠠᠭ ᠦᠶ᠎ᠡ ᠶᠢᠨ ᠬᠠᠣᠯᠢ ᠪᠠᠷ ᠵᠠᠰᠠᠬᠤ ᠪᠠᠶᠢᠭᠤᠯᠤᠯᠲᠠ ᠶᠢᠨ ᠶᠡᠭᠡ ᠤᠷᠤᠰᠬᠠᠯ ᠤᠨ ᠳᠤᠮᠳᠠ᠂ ᠲᠩᠷᠢ ᠭᠠᠵᠠᠷ ᠢ ᠰᠢᠨ᠎ᠡ ᠳᠦᠷᠰᠦ ᠪᠠᠶᠢᠳᠠᠯ ᠲᠠᠢ ᠪᠣᠯᠭᠠᠬᠤ ᠰᠦᠷ ᠰᠦᠯᠲᠡ ᠪᠠ ᠰᠥᠰᠥ ᠵᠣᠷᠢᠭ ᠢᠶᠠᠷ ᠤᠷᠤᠰᠬᠠᠯ ᠤᠨ ᠡᠮᠦᠨ᠎ᠡ ᠡᠷᠡᠯᠭᠡᠭᠯᠡᠨ ᠵᠣᠭᠰᠤᠵᠤ᠂ ᠲᠤᠰ ᠪᠡᠶ᠎ᠡ ᠶᠢᠨ ᠳᠠᠪᠠᠭᠤᠯᠢᠭ ᠲᠠᠭᠠᠨ ᠰᠠᠭᠤᠷᠢᠯᠠᠵᠤ᠂ ︽ᠵᠢᠵᠢᠭ ᠪᠦᠭᠡᠳ ᠨᠠᠷᠢᠯᠢᠭ᠂ ᠨᠠᠷᠢᠯᠢᠭ ᠪᠦᠭᠡᠳ ᠰᠢᠯᠢᠳᠡᠭ᠂ ᠰᠢᠯᠢᠳᠡᠭ ᠪᠦᠭᠡᠳ ᠬᠦᠴᠦᠷᠬᠡᠭ︾ ᠰᠢᠭᠦᠬᠦ ᠬᠤᠷᠢᠶᠠᠨ ᠤ ᠨᠡᠷᠡᠲᠦ ᠲᠡᠮᠳᠡᠭᠲᠦ ᠶᠢᠨ ᠵᠢᠭᠰᠠᠭᠠᠯ ᠤᠨ ᠭᠠᠵᠠᠷ ᠢ ᠴᠢᠷᠮᠠᠶᠢᠨ ᠪᠠᠶᠢᠭᠤᠯᠵᠤ᠂ ᠲᠡᠳᠡ ᠡᠬᠡ ᠤᠯᠤᠰ ᠤᠨ ᠤᠮᠠᠷᠠᠲᠤ ᠬᠢᠯᠢ ᠳᠤ ᠦᠨᠳᠦᠰᠦᠯᠡᠵᠦ ᠂ ᠶᠠᠭ ᠰᠠᠶ᠋ᠢᠬᠠᠨ ᠪᠠᠳᠠᠷᠠᠨ ᠳᠡᠯᠭᠡᠷᠡᠵᠦ ᠪᠠᠶᠢᠭ᠎ᠠ ᠲᠡᠮᠦᠷ ᠬᠤᠸᠠᠷ ᠰᠢᠭ ᠢᠶᠠᠷ ᠨᠢᠭᠡ ᠲᠠᠯ᠎ᠠ ᠶᠢ ᠰᠠᠬᠢᠨ ᠬᠠᠮᠠᠭᠠᠯᠠᠳᠠᠭ᠃ ᠪᠠᠶ᠋ᠬᠠᠤᠪᠤᠭ᠎ᠠ ᠠᠭᠤᠷᠬᠠᠢ ᠶᠢᠨ ᠲᠣᠭᠤᠷᠢᠭ ᠤᠨ ᠠᠷᠠᠳ ᠤᠨ ᠰᠢᠭᠦᠬᠦ ᠬᠤᠷᠢᠶ᠎ᠠ ᠮᠠᠭᠤ ᠶᠢ ᠵᠠᠯᠬᠠᠭᠠᠵᠤ ᠰᠠᠶᠢᠨ ᠢ ᠪᠠᠳᠠᠷᠠᠭᠤᠯᠬᠤ᠂ ᠰᠢᠳᠤᠷᠭᠤ ᠶᠣᠰᠣ ᠶᠢ ᠮᠠᠨᠳᠤᠭᠤᠯᠬᠤ ᠡᠷᠡᠭᠦᠦ ᠶᠢᠨ ᠬᠡᠷᠡᠭ ᠤᠨ ᠰᠢᠭᠦᠭᠴᠢ ᠲᠠᠢ᠂ ᠲᠠᠰᠤᠯᠬᠤ ᠳᠠᠭᠠᠨ ᠴᠢᠳᠠᠮᠠᠭᠠᠢ᠂ ᠬᠤᠪᠢ ᠶᠢ ᠲᠣᠭᠲᠠᠭᠠᠵᠤ ᠵᠢᠭᠤᠷᠠᠭᠠᠨ ᠢ ᠵᠣᠭᠰᠤᠭᠠᠬᠤ ᠢᠷᠭᠡᠨ ᠤ ᠬᠡᠷᠡᠭ ᠤᠨ ᠰᠢᠭᠦᠭᠴᠢ ᠲᠠᠢ᠂ ᠪᠤᠰᠢᠭᠤ ᠱᠠᠯᠠᠮᠠᠭᠠᠢ᠂ ᠬᠤᠷᠴᠠ ᠰᠢᠭᠤᠷᠬᠠᠢ ᠭᠦᠢᠴᠡᠳᠬᠡᠬᠦ ᠰᠢᠭᠦᠭᠴᠢ ᠲᠠᠢ᠂ ᠲᠡᠳᠡ ᠤᠶᠤᠨ ᠤᠬᠠᠭᠠᠨ ᠪᠠ ᠬᠦᠴᠦ ᠬᠥᠯᠥᠰᠥ ᠪᠠᠷ ᠢᠶᠠᠨ ᠰᠢᠨ᠎ᠡ ᠴᠠᠭ ᠦᠶ᠎ᠡ ᠶᠢᠨ ᠲᠥᠪ ᠶᠣᠰᠣᠨ ᠤ ᠳᠠᠭᠤᠤ ᠶᠢ ᠪᠢᠴᠢᠭᠯᠡᠵᠦ᠂ ᠤᠭ ᠰᠠᠨᠠᠭ᠎ᠠ ᠪᠠ ᠡᠭᠦᠷᠭᠡ ᠬᠠᠷᠢᠭᠤᠴᠠᠯᠭ᠎ᠠ ᠪᠠᠷ ᠢᠶᠠᠨ ᠡᠬᠡ ᠤᠯᠤᠰ ᠤᠨ ᠤᠮᠠᠷᠠᠲᠤ ᠶᠢᠨ ᠡᠨᠡ ᠬᠦ ᠬᠠᠯᠠᠭᠤᠨ ᠬᠥᠷᠥᠰᠥ ᠶᠢᠨ ᠠᠮᠤᠷ ᠲᠣᠭᠲᠠᠭᠤᠨ ᠢ ᠰᠠᠬᠢᠨ ᠬᠠᠮᠠᠭᠠᠯᠠᠵᠤ ᠪᠠᠶᠢᠨ᠎ᠠ︕    ᠪᠠᠶ᠋ᠬᠠᠤᠪᠤᠭ᠎ᠠ ᠠᠭᠤᠷᠬᠠᠢ ᠶᠢᠨ ᠲᠤᠭᠤᠷᠢᠭ ᠤᠨ ᠠᠷᠠᠳ ᠤᠨ ᠰᠢᠭᠦᠬᠦ ᠬᠤᠷᠢᠶ᠎ᠠ᠂ ᠪᠦᠬᠦ ᠬᠤᠷᠢᠶᠠᠨ ᠳᠤ 33 ᠬᠦᠮᠦᠨ ᠪᠠᠶᠢᠵᠤ᠂ ᠳᠣᠲᠤᠭᠠᠳᠣ ᠳᠠᠭᠠᠨ 5 ᠰᠠᠯᠠᠭ᠎ᠠ ᠮᠦᠴᠢᠷ ᠪᠠᠶᠢᠭᠤᠯᠵᠤ᠂ ᠰᠠᠯᠭ᠎ᠠ ᠮᠦᠴᠢᠷ ᠨᠢᠬᠡᠪᠦᠷᠢ ᠳᠤ ᠲᠡᠭᠰᠢᠳᠬᠡᠭᠡᠳ 7 ᠬᠦᠮᠦᠨ ᠨᠤᠭᠳᠠᠬᠤ ᠦᠬᠡᠢ ᠪᠠᠶᠢᠳᠠᠭ᠃ ᠨᠢᠭᠡ ᠶᠡᠭᠡ ᠣᠨᠴᠠᠯᠢᠭ ᠲᠠᠢ ᠬᠢᠯᠠᠰ ᠴᠡᠭ ᠪᠣᠯ ᠳᠠᠷᠤᠶ ᠨᠢᠭᠡ ᠬᠥᠮᠦᠨ ᠣᠯᠠᠨ ᠳᠦᠷᠢ ᠲᠠᠢ᠂ ᠨᠢᠭᠡ ᠬᠥᠮᠦᠨ ᠣᠯᠠᠨ ᠡᠭᠦᠷᠭᠡ ᠬᠠᠷᠢᠭᠤᠴᠠᠯᠭ᠎ᠠ ᠡᠭᠦᠷᠭᠡᠯᠡᠵᠦ᠂ ᠡᠭᠦᠷᠭᠡ ᠬᠦᠨᠳᠦ᠂ ᠬᠠᠷᠢᠭᠤᠴᠠᠯᠭ᠎ᠠ ᠶᠡᠭᠡ ᠠᠰᠠᠭᠤᠳᠠᠯ ᠤᠨ ᠡᠮᠦᠨ᠎ᠡ᠂ ᠶᠠᠮᠠᠷᠪᠠ ᠭᠤᠮᠣᠳᠠᠯ ᠲᠣᠭᠠᠴᠢᠬᠤ ᠦᠭᠡ ᠥᠬᠡᠶ᠂ ᠠᠵᠢᠯ ᠬᠤᠪᠢᠶᠠᠷᠢᠯᠠᠨ ᠬᠠᠷᠢᠭᠤᠴᠠᠵᠤ᠂ ᠬᠠᠷᠢᠯᠴᠠᠨ ᠬᠠᠮᠵᠢᠯᠴᠠᠵᠤ᠂ ᠴᠢᠨᠠᠷ ᠰᠠᠶᠢᠲᠠᠶ ᠥᠨᠳᠥᠷ ᠪᠦᠲᠦᠮᠵᠢᠲᠡᠶ ᠪᠠᠷ ᠡᠯ᠎ᠡ ᠵᠦᠢᠯ ᠤᠨ ᠡᠭᠦᠷᠭᠡ ᠪᠠᠨ ᠪᠡᠶᠡᠯᠡᠭᠦᠯᠬᠦ ᠪᠣᠯᠤᠨ᠎ᠠ᠃ ᠨᠥᠭᠦᠭᠡ ᠨᠢᠭᠡ ᠣᠨᠴᠠᠯᠢᠭ ᠲᠠᠢ ᠬᠢᠯᠠᠰ ᠴᠡᠭ ᠭᠡᠪᠡᠯ᠂ ᠺᠠᠳ᠋ᠷ ᠴᠠᠭᠳᠠᠭ᠎ᠠ ᠨᠠᠷ ᠴᠥᠮ ᠬᠡᠷ ᠪᠦᠯᠢ ᠲᠠᠢ ᠪᠠᠨ ᠬᠤᠶᠠᠷ ᠭᠠᠵᠠᠷ ᠰᠠᠯᠵᠤ ᠰᠠᠭᠤᠵᠤ᠂ ᠠᠵᠢᠯ ᠤᠨ ᠡᠳᠦᠷ ᠲᠤ ᠰᠢᠭᠦᠬᠦ ᠬᠤᠷᠢᠶᠠᠨ ᠤ ᠪᠠᠶᠢᠷᠢ ᠳᠤ ᠰᠠᠭᠤᠵᠤ᠂ ᠠᠵᠢᠯ ᠤᠨ ᠡᠳᠦᠷ ᠲᠤ ᠪᠥᠬᠦ ᠰᠡᠳᠬᠢᠯ ᠪᠥᠬᠦ ᠵᠣᠷᠢᠭ ᠢᠶᠠᠷ ᠢᠶᠠᠨ ᠠᠵᠢᠯ ᠳᠤ ᠣᠷᠣᠯᠴᠠᠭᠰᠠᠨ ︽ᠪᠦᠷᠢᠨ ᠠᠵᠢᠯᠯᠠᠬᠤ︾ ᠪᠠᠶᠢᠳᠠᠯ ᠢ ᠪᠡᠶᠡᠯᠡᠭᠦᠯᠵᠦ᠂ ᠠᠷᠠᠳ ᠤᠨ ᠰᠢᠭᠦᠬᠦ ᠬᠤᠷᠢᠶᠠᠨ ᠤ ᠰᠢᠭᠦᠨ ᠲᠠᠰᠤᠯᠤᠯᠲᠠ ᠶᠢᠨ ᠭᠦᠢᠴᠡᠳᠬᠡᠬᠦ ᠠᠵᠢᠯ ᠤᠨ ᠰᠢᠨ᠎ᠡ ᠪᠠᠶᠢᠳᠠᠯ ᠢ ᠲᠠᠰᠤᠷᠠᠯᠲᠠ ᠥᠬᠡᠶ ᠪᠣᠶ ᠪᠣᠯᠭᠠᠨ᠎ᠠ᠃
【司法公信提升年】以“铁花精神” 打造“小而精”的品牌阵地 擘画新时代法治宏伟蓝图22.png
    ᠬᠡᠷᠡᠭ ᠢ ᠨᠢᠭᠡᠳ ᠨᠢᠭᠡ ᠪᠠᠷ ᠠᠳᠬᠤᠵᠤ ᠰᠢᠢᠳᠪᠦᠷᠢᠯᠡᠬᠦ    ᠪᠤᠭᠤᠲᠤ ᠬᠤᠲᠠ ᠶᠢᠨ ᠪᠠᠶ᠋ᠬᠠᠤᠪᠤᠭ᠎ᠠ ᠠᠭᠤᠷᠬᠠᠢ ᠶᠢᠨ ᠲᠣᠭᠤᠷᠢᠭ ᠤᠨ ᠠᠷᠠᠳ ᠤᠨ ᠰᠢᠭᠦᠬᠦ ᠬᠤᠷᠢᠶᠠᠨ ᠤ ᠬᠦᠯᠢᠶᠡᠨ ᠠᠪᠴᠤ ᠰᠢᠢᠳᠪᠦᠷᠢᠯᠡᠭᠰᠡᠨ ᠬᠡᠷᠡᠭ ᠤᠨ ᠣᠯᠠᠩᠬᠢ ᠨᠢ ᠠᠷᠠᠳ ᠣᠯᠠᠨ ᠤ ᠭᠡᠷ ᠪᠦᠯᠢ ᠶᠢᠨ ᠵᠢᠵᠢᠭ ᠰᠠᠵᠢᠭ᠂ ᠶᠠᠯᠢᠮ ᠦᠭᠡᠢ ︽ᠵᠢᠵᠢᠭ ᠬᠡᠷᠡᠭ︾ ᠪᠣᠯᠤᠨ᠎ᠠ᠃ ᠭᠡᠲᠡᠯ᠎ᠡ ᠵᠢᠵᠢᠭ ᠬᠡᠷᠡᠭ ᠨᠢᠭᠡᠪᠦᠷᠢ ᠨᠢ ᠠᠷᠠᠳ ᠤᠨ ᠠᠮᠢᠳᠤᠷᠠᠯ ᠲᠠᠢ ᠬᠤᠯᠪᠣᠭᠳᠠᠵᠤ᠂ ᠵᠢᠵᠢᠭ ᠶᠠᠪᠤᠳᠠᠯ ᠨᠢᠭᠡᠪᠦᠷᠢ ᠨᠢ ᠠᠷᠠᠳ ᠤᠨ ᠰᠡᠳᠬᠢᠯ ᠲᠠᠢ ᠬᠤᠯᠪᠣᠭᠳᠠᠵᠤ ᠪᠠᠶᠢᠳᠠᠭ᠃ ︽ᠵᠢᠵᠢᠭ ᠬᠡᠷᠡᠭ︾ ᠨᠢᠭᠡᠪᠦᠷᠢ ᠶᠢᠨ ᠠᠷᠤ ᠳᠤ ᠴᠥᠮ ᠨᠢᠭᠡ ᠬᠥᠮᠦᠨ ᠤ ᠬᠤᠪᠢ ᠵᠠᠶᠠᠭ᠎ᠠ᠂ ᠨᠢᠭᠡ ᠭᠡᠷ ᠪᠦᠯᠢ ᠶᠢᠨ ᠵᠣᠯ ᠵᠢᠷᠭᠠᠯ ᠬᠤᠯᠪᠣᠭᠳᠠᠵᠤ᠂ ᠲᠤᠬᠠᠢ ᠶᠢᠨ ᠬᠥᠮᠦᠨ ᠨᠢᠭᠡᠪᠦᠷᠢ ᠳᠤ ᠠᠪᠴᠤ ᠬᠡᠯᠡᠪᠡᠯ ᠴᠥᠮ ᠲᠤᠶᠢᠯ ᠤᠨ ᠪᠠᠴᠢᠮ ︽ᠶᠡᠭᠡ ᠶᠠᠪᠤᠳᠠᠯ︾ ᠪᠣᠯᠤᠨ᠎ᠠ᠃ ᠪᠠᠶ᠋ᠬᠠᠤᠪᠤᠭ᠎ᠠ ᠠᠭᠤᠷᠬᠠᠢ ᠶᠢᠨ ᠲᠣᠭᠤᠷᠢᠭ ᠤᠨ ᠠᠷᠠᠳ ᠤᠨ ᠰᠢᠭᠦᠬᠦ ᠬᠤᠷᠢᠶ᠎ᠠ ᠰᠢᠨ᠎ᠡ ᠴᠠᠭ ᠦᠶ᠎ᠡ ᠰᠢᠨ᠎ᠡ ᠠᠶᠠᠨ ᠵᠠᠮ ᠳᠤ ︽ᠲᠡᠮᠦᠷ ᠬᠤᠸᠠᠷ ᠤᠨ ᠵᠣᠷᠢᠭ ᠰᠠᠨᠠᠭ᠎ᠠ︾ ᠪᠠᠷ ᠴᠠᠭ ᠦᠶ᠎ᠡ ᠳᠤ ᠣᠰᠣᠯᠳᠠᠬᠤ ᠦᠭᠡᠢ᠂ ᠠᠷᠠᠳ ᠲᠦᠮᠡᠨ ᠳᠤ ᠣᠰᠣᠯᠳᠠᠬᠤ ᠦᠭᠡᠢ ᠰᠢᠯᠢᠳᠡᠭ ᠬᠠᠷᠢᠭᠤᠯᠲᠠ ᠶᠢᠨ ᠬᠠᠭᠤᠳᠠᠰᠤ ᠶᠢ ᠴᠢᠷᠮᠠᠶᠢᠨ ᠪᠢᠴᠢᠭᠯᠡᠨ᠎ᠡ᠃    ᠠᠷᠠᠳ ᠤᠨ ᠠᠮᠢᠳᠤᠷᠠᠯ ᠤᠨ ᠪᠤᠶᠠᠨ ᠵᠢᠷᠭᠠᠯ ᠲᠦᠢᠯ ᠤᠨ ᠬᠦᠨᠳᠦ ᠪᠠᠶᠢᠵᠤ᠂ ᠬᠤᠪᠢ ᠶᠢ ᠲᠣᠭᠲᠠᠭᠠᠵᠤ ᠵᠢᠭᠤᠷᠠᠭᠠᠨ ᠢ ᠵᠣᠭᠰᠤᠭᠠᠪᠠᠯ ᠲᠦᠮᠡᠨ ᠡᠷᠦᠬᠡ ᠡᠶ᠎ᠡ ᠨᠠᠶᠢᠷᠠᠮᠳᠠᠭᠤ ᠃ ᠨᠢᠭᠡ ᠤᠳᠠᠭᠠᠨ ᠤ ᠤᠷᠤᠭ ᠰᠠᠯᠬᠤ ᠵᠢᠭᠤᠷᠠᠯᠳᠤᠭᠠᠨ ᠤ ᠵᠠᠷᠭᠤ ᠳᠤ ᠡᠳ᠋ ᠬᠥᠷᠥᠩᠭᠡ ᠬᠤᠪᠢᠶᠠᠭᠳᠠᠬᠤ ᠵᠢᠴᠢ ᠬᠡᠦᠬᠡᠳ ᠢ ᠠᠰᠠᠷᠠᠨ ᠲᠡᠵᠢᠭᠡᠬᠦ ᠠᠰᠠᠭᠤᠳᠠᠯ ᠠᠴᠠ ᠪᠣᠯᠵᠤ᠂ ᠬᠤᠶᠠᠷ ᠬᠥᠮᠥᠨ ᠵᠣᠳᠤᠯᠳᠤᠭᠠᠨ ᠪᠣᠯᠵᠤ᠂ ᠬᠡᠷᠡᠭ ᠨᠢ ᠨᠢᠭᠡ ᠦᠶ᠎ᠡ ᠬᠥᠰᠢᠭᠦᠨ ᠪᠠᠶᠢᠳᠠᠯ ᠳᠤ ᠣᠷᠤᠪᠠ᠃ ᠰᠢᠭᠦᠭᠴᠢ ᠠᠴᠠ ᠬᠤᠶᠠᠷ ᠲᠠᠯ᠎ᠠ ᠶᠢᠨ ᠲᠤᠬᠠᠢ ᠶᠢᠨ ᠬᠦᠮᠦᠨ ᠤ ᠤᠷᠤᠭ ᠤᠨ ᠲᠤᠮᠳᠠ ᠤᠷᠤᠰᠢᠵᠤ ᠪᠠᠶᠢᠭ᠎ᠠ ᠵᠦᠷᠢᠴᠡᠯ ᠰᠢᠢᠳᠪᠦᠷᠢᠯᠡᠭᠳᠡᠭᠰᠡᠨ ᠦᠭᠡᠢ ᠠᠴᠠ ᠪᠣᠯᠵᠤ ᠦᠰᠢᠶ᠎ᠡ ᠬᠤᠷᠤᠰᠤᠯ ᠪᠣᠯᠤᠭᠰᠠᠨ ᠂ ᠡᠶᠢᠮᠦᠷᠬᠦᠦ ᠰᠡᠳᠭᠢᠯ ᠤᠨ ᠵᠠᠩᠭᠢᠷᠠᠭ᠎ᠠ ᠶᠢ ᠨᠢ ᠲᠠᠶᠢᠯᠬᠤ ᠳᠤ ᠬᠦᠴᠢᠷ ᠬᠡᠷᠡᠭ ᠢ ᠶᠠᠭᠠᠬᠢᠵᠤ ᠰᠢᠢᠳᠪᠦᠷᠢᠯᠡᠭᠰᠡᠨ ᠴᠤ ᠪᠦᠷ ᠬᠤᠶᠠᠷ ᠲᠠᠯ᠎ᠠ ᠶᠢᠨ ᠬᠠᠷᠢᠴᠠᠭ᠎ᠠ ᠶᠢ ᠤᠯᠠᠮ ᠮᠠᠭᠤᠲᠠᠭᠤᠯᠵᠤ᠂ ᠬᠡᠦᠭᠡᠳ ᠤᠨ ᠡᠷᠡᠭᠦᠯ ᠢᠶᠠᠷ ᠦᠰᠦᠨ ᠪᠣᠶᠢᠵᠢᠬᠤ ᠳᠤ ᠠᠰᠢᠭ  ᠦᠭᠡᠢ ᠭᠡᠳᠡᠭ ᠢ ᠪᠣᠳᠤᠯᠬᠢᠯᠠᠵᠤ᠂ ᠡᠭᠦᠨ ᠤ ᠲᠤᠬᠠᠢ ᠰᠢᠭᠦᠭᠴᠢ ᠤᠲᠠᠰᠤ ᠠᠪᠬᠤ᠂ ᠪᠣᠯᠵᠣᠨ ᠶᠠᠷᠢᠯᠴᠠᠬᠤ ᠵᠡᠷᠭᠡ ᠠᠷᠭ᠎ᠠ ᠮᠠᠶ᠋ᠢᠭ ᠢᠶᠠᠷ ᠬᠤᠶᠠᠷ ᠲᠠᠯ᠎ᠠ ᠶᠢᠨ ᠲᠤᠬᠠᠢ ᠶᠢᠨ ᠬᠥᠮᠥᠨ ᠲᠠᠢ ᠣᠯᠠᠨ ᠤᠳᠠᠭ᠎ᠠ ᠶᠠᠷᠢᠯᠴᠠᠵᠤ᠂ ᠬᠠᠤᠯᠢ ᠪᠠᠷ ᠬᠥᠮᠥᠨ ᠢ ᠢᠳᠬᠠᠵᠤ᠂ ᠶᠣᠰᠣ ᠪᠠᠷ ᠬᠥᠮᠥᠨ ᠢ ᠪᠢᠰᠢᠷᠡᠭᠦᠯᠵᠦ᠂ ᠰᠡᠳᠬᠢᠯ ᠢᠶᠠᠷ ᠬᠥᠮᠥᠨ ᠤ ᠰᠡᠳᠬᠢᠯ ᠢ ᠬᠦᠳᠡᠯᠭᠡᠪᠡ᠃ ᠳᠠᠭᠠᠭᠠᠨ ᠭᠦᠢᠴᠡᠳᠬᠡᠬᠦ ᠰᠢᠭᠦᠭᠴᠢ ᠰᠡᠳᠬᠢᠯ ᠬᠥᠳᠡᠯᠭᠡᠮ᠎ᠡ᠄ ᠠᠰᠠᠷᠠᠨ ᠲᠡᠵᠢᠭᠡᠬᠦ ᠵᠠᠷᠤᠳᠠᠯ ᠢ ᠪᠠᠭᠤᠷᠠᠭᠤᠯᠬᠤ ᠤᠤ ᠡᠰᠡᠬᠦᠯ᠎ᠡ ᠠᠰᠠᠷᠠᠨ ᠲᠡᠵᠢᠭᠡᠬᠦ ᠡᠷᠬᠡ ᠪᠠᠨ ᠬᠤᠪᠢᠷᠠᠭᠤᠯᠬᠤ ᠭᠡᠰᠡᠨ ᠴᠤ ᠲᠡᠷᠡ᠂ ᠤᠷᠤᠭ ᠰᠠᠯᠤᠭᠰᠠᠨ ᠭᠡᠷ ᠪᠦᠯᠢ ᠶᠢᠨ ᠬᠡᠦᠬᠡᠳ ᠨᠢᠭᠡᠨᠲᠡ ᠰᠢᠷᠬᠠᠲᠤᠵᠠᠢ᠂ ᠠᠪᠤ ᠡᠵᠢ ᠪᠣᠯᠣᠭᠰᠠᠨ ᠤ ᠬᠤᠪᠢ ᠳᠤ ᠬᠡᠦᠬᠡᠳ ᠲᠤ ᠪᠠᠨ ᠠᠯᠢ ᠴᠢᠳᠠᠬᠤ ᠪᠠᠷ ᠰᠠᠶᠢᠨ ᠰᠠᠶᠢᠬᠠᠨ ᠭᠡᠷ ᠪᠦᠯᠢ ᠶᠢᠨ ᠣᠷᠴᠢᠨ ᠨᠥᠬᠦᠴᠡᠯ ᠢ ᠪᠤᠢ ᠪᠣᠯᠭᠠᠵᠤ᠂ ᠬᠡᠦᠬᠡᠳ ᠤᠨ ᠡᠷᠡᠭᠦᠯ ᠴᠢᠭᠢᠷᠠᠭ ᠪᠠᠶᠠᠷ ᠪᠠᠶᠠᠰᠬᠤᠯᠠᠩ ᠲᠠᠢ ᠦᠰᠦᠨ ᠪᠤᠶᠢᠵᠢᠬᠤ ᠶᠢᠨ ᠲᠥᠯᠥᠭᠡ ᠪᠣᠳᠤᠯᠬᠢᠯᠠᠬᠤ ᠬᠡᠷᠡᠭᠲᠡᠢ᠂ ᠬᠠᠷᠢᠨ ᠬᠤᠪᠢ ᠪᠡᠶ᠎ᠡ ᠶᠢᠨ ᠢᠶᠠᠨ ᠣᠯᠵᠤ ᠠᠯᠳᠠᠬᠤ ᠶᠢ ᠪᠣᠳᠤᠯᠬᠢᠯᠠᠬᠤ ᠪᠢᠰᠢ ᠭᠡᠪᠡ᠃  ᠬᠤᠶᠠᠷ ᠲᠠᠯ᠎ᠠ ᠶᠢᠨ ᠲᠤᠬᠠᠢ ᠶᠢᠨ ᠬᠥᠮᠦᠨ ᠢ ᠰᠠᠶᠢᠨ ᠵᠦᠭ ᠲᠤ ᠴᠢᠳᠠᠮᠠᠭᠠᠢ ᠳᠠᠭᠠᠭᠠᠤᠯᠬᠤ ᠪᠠᠷ ᠳᠠᠮᠵᠢᠨ ᠤᠷᠮ᠎ᠠ ᠰᠡᠳᠬᠢᠯᠭᠡ ᠶᠢᠨ ᠠᠳᠡᠭᠦᠷᠡᠯ ᠠᠴᠠ ᠭᠠᠷᠭᠠᠭᠤᠯᠵᠤ᠂ ᠡᠴᠦᠰ ᠲᠡᠭᠡᠨ ᠬᠤᠶᠠᠷ ᠲᠠᠯ᠎ᠠ ᠪᠠᠷ ᠢᠶᠠᠨ ᠬᠤᠪᠢ ᠪᠡᠶ᠎ᠡ ᠶᠢᠨ ᠦᠢᠯᠡ ᠠᠵᠢᠯᠯᠠᠭ᠎ᠠ ᠨᠢ ᠲᠣᠬᠢᠷᠠᠮᠵᠢ ᠦᠭᠡᠢ ᠭᠡᠳᠡᠭ ᠢᠶᠠᠨ ᠮᠡᠳᠡᠷᠡᠵᠦ᠂ ᠬᠤᠶᠠᠷ ᠬᠥᠮᠦᠨ ᠬᠡᠦᠬᠡᠳ ᠢᠶᠠᠨ ᠬᠠᠮᠲᠤ ᠪᠠᠷ ᠬᠠᠶᠢᠷᠠᠯᠠᠬᠤ ᠰᠡᠳᠬᠢᠯ ᠢ ᠡᠪᠦᠷᠯᠡᠨ ᠡᠪᠰᠡᠵᠦ᠂ ᠢᠩᠭᠢᠭᠡᠳ ᠡᠨᠡ ᠬᠦ ᠭᠡᠷ ᠤᠨ ᠶᠠᠪᠤᠳᠠᠯ ᠤᠨ ᠦᠢᠮᠡᠭᠡᠨ ᠲᠡᠭᠦᠰ ᠠᠮᠵᠢᠯᠲᠠ ᠲᠠᠢ ᠰᠢᠢᠳᠪᠦᠷᠢᠯᠡᠭᠳᠡᠵᠡᠢ᠃    ᠬᠠᠤᠯᠢ ᠴᠠᠭᠠᠵᠠ ᠶᠢᠨ ᠦᠢᠯᠡᠴᠢᠯᠡᠭᠡ ᠶᠢ ᠦᠨᠡᠨ ᠬᠦ ᠴᠢᠩᠭ᠎ᠠ ᠠᠳᠬᠤᠨ᠎ᠠ    ᠪᠤᠭᠤᠲᠤ ᠬᠤᠳᠠ ᠶᠢᠨ ᠪᠠᠶ᠋ᠬᠠᠤᠪᠤᠭ᠎ᠠ ᠠᠭᠤᠷᠬᠠᠢ ᠶᠢᠨ ᠲᠣᠭᠤᠷᠢᠭ ᠤᠨ ᠠᠷᠠᠳ ᠤᠨ ᠰᠢᠭᠦᠬᠦ ᠬᠤᠷᠢᠶ᠎ᠠ ᠢᠮᠠᠭᠲᠠ ᠨᠠᠮ ᠤᠨ ᠰᠢᠭᠦᠬᠦ ᠬᠤᠷᠢᠶᠠᠨ ᠤ ᠠᠵᠢᠯ ᠳᠠᠬᠢ ᠬᠠᠷᠢᠴᠠᠯᠠᠰᠢᠭᠦᠢ ᠤᠳᠤᠷᠢᠳᠤᠯᠭ᠎ᠠ ᠶᠢ ᠪᠠᠲᠤ ᠪᠠᠷᠢᠮᠲᠠᠯᠠᠵᠤ᠂ ᠨᠠᠮ ᠤᠨ ᠬᠤᠷᠢᠳᠤᠭᠠᠷ ᠶᠡᠭᠡ ᠬᠤᠷᠠᠯ᠂ ᠬᠤᠷᠢᠳᠤᠭᠠᠷ ᠬᠤᠭᠤᠴᠠᠭᠠᠨ ᠤ ᠨᠢᠭᠡᠳᠦᠭᠡᠷ᠂ ᠬᠤᠶᠠᠳᠤᠭᠠᠷ᠂ ᠭᠤᠷᠪᠠᠳᠤᠭᠠᠷ ᠪᠦᠬᠦᠳᠡ ᠬᠤᠷᠠᠯ ᠤᠨ ᠵᠣᠷᠢᠭ ᠰᠠᠨᠠᠭ᠎ᠠ ᠶᠢ ᠭᠦᠨᠵᠡᠭᠡᠢ ᠰᠤᠷᠤᠯᠴᠠᠨ ᠲᠤᠭᠤᠰᠢᠯᠠᠭᠤᠯᠵᠤ᠂ ᠵᠠᠩ ᠵᠢᠶᠦ᠋ᠨ ᠳᠠᠷᠤᠭ᠎ᠠ ᠶᠢᠨ ᠴᠢᠬᠤᠯᠠ ᠶᠠᠷᠢᠶᠠᠨ ᠤ ᠵᠣᠷᠢᠭ ᠰᠠᠨᠠᠭ᠎ᠠ ᠶᠢ ᠭᠦᠨᠵᠡᠭᠡᠢ ᠰᠤᠷᠤᠯᠴᠠᠨ ᠣᠶᠢᠯᠠᠭᠠᠵᠤ᠂ ︽ᠬᠠᠤᠯᠢ ᠴᠠᠭᠠᠵᠠ ᠶᠢᠨ ᠬᠡᠷᠡᠭ ᠪᠣᠯᠭᠠᠨ ᠠᠴᠠ ᠠᠷᠠᠳ ᠤᠯᠠᠨ ᠳᠤ ᠲᠥᠪ ᠭᠤᠣᠯᠴᠢ ᠰᠢᠳᠤᠷᠭᠤ ᠶᠣᠰᠣ ᠶᠢ ᠮᠡᠳᠡᠷᠡᠭᠦᠯᠬᠦ ᠪᠠᠷ ᠴᠢᠷᠮᠠᠶᠢᠬᠤ︾ ᠬᠠᠷᠠᠯᠲᠠ ᠶᠢ ᠪᠠᠲᠤ ᠴᠡᠭᠡᠵᠢᠯᠡᠵᠦ᠂ ︽ᠲᠥᠪ ᠭᠤᠣᠯᠴᠢ ᠬᠢᠭᠡᠳ ᠦᠷ᠎ᠡ ᠪᠦᠲᠦᠮᠵᠢ︾ ᠭᠡᠬᠦ ᠡᠨᠡ ᠬᠦ ᠬᠠᠤᠯᠢ ᠴᠠᠭᠠᠵᠠ ᠶᠢᠨ ᠰᠢᠭᠦᠨ ᠲᠠᠰᠤᠯᠬᠤ ᠠᠵᠢᠯ ᠤᠨ ᠥᠨᠢᠳᠡ ᠶᠢᠨ ᠭᠤᠣᠯ ᠰᠡᠳᠦᠪ ᠢ ᠪᠣᠳᠠᠲᠠᠢ ᠳᠤ ᠨᠠᠶᠢᠲᠠᠪᠤᠷᠢᠵᠢᠭᠤᠯᠵᠤ᠂  ︽ᠬᠡᠷᠪᠡ ᠪᠢ ᠵᠠᠭᠠᠯᠳᠤᠵᠤ︾ ᠪᠠᠶᠢᠬᠤ ᠪᠠᠷ ᠠᠵᠢᠯ ᠤᠨ ᠭᠠᠷᠤᠭ᠎ᠠ ᠪᠣᠯᠭᠠᠵᠤ᠂ ᠬᠡᠬᠦᠳᠡᠭ ᠴᠡᠭᠡᠵᠢᠨ ᠳᠡᠭᠡᠨ ︽ᠤᠯᠤᠰ ᠤᠨ ᠶᠡᠭᠡ ᠲᠠᠯ᠎ᠠ︾ ᠶᠢ ᠪᠠᠭᠲᠠᠭᠠᠵᠤ᠂ ᠰᠢᠢᠳᠪᠦᠷᠢᠯᠡᠵᠦ ᠪᠠᠶᠢᠭ᠎ᠠ ᠬᠡᠷᠡᠭ ᠢ ︽ᠶᠣᠰᠣ ᠰᠤᠷᠲᠠᠬᠤᠨ ᠤ ᠶᠠᠪᠤᠳᠠᠯ︾ ᠢᠶᠠᠷ ᠦᠵᠡᠵᠦ᠂ ︽ᠥᠪᠡᠷ ᠤᠨ ᠭᠡᠷ ᠤᠨ ᠶᠠᠪᠤᠳᠠᠯ︾ ᠢᠶᠠᠷ ᠰᠢᠢᠳᠪᠦᠷᠢᠯᠡᠵᠦ᠂ ᠭᠠᠵᠠᠷ ᠣᠷᠣᠨ ᠤ ᠳᠠᠪᠠᠭᠤᠯᠢᠭ᠂ ᠠᠵᠢᠯᠳᠠᠨ ᠤ ᠳᠠᠪᠠᠭᠤᠯᠢᠭ ᠢ ᠭᠦᠢᠴᠡᠳ ᠠᠰᠢᠭᠯᠠᠵᠤ᠂ ᠺᠠᠳ᠋ᠷ ᠴᠠᠭᠳᠠᠭ᠎ᠠ ᠶᠢᠨ ︽ᠲᠡᠮᠦᠷ ᠬᠤᠸᠠᠷ ᠤᠨ ᠵᠣᠷᠢᠭ ᠰᠠᠨᠠᠭ᠎ᠠ︾ ᠶᠢ ᠪᠠᠳᠠᠷᠠᠭᠤᠯᠵᠤ᠂ ᠰᠢᠨ᠎ᠡ ᠴᠠᠭ ᠦᠶ᠎ᠡ ᠶᠢᠨ ᠰᠢᠭᠦᠬᠦ ᠬᠤᠷᠢᠶᠠᠨ ᠤ ᠡᠩᠨᠡᠭᠡᠨ ᠤ ᠰᠢᠨ᠎ᠡ ᠬᠠᠭᠤᠳᠠᠰᠤ ᠶᠢ ᠪᠢᠴᠢᠭᠯᠡᠬᠦ ᠶᠢ ᠵᠣᠷᠢᠭᠵᠢᠭᠤᠯᠪᠠ᠃    4000 ᠺᠢᠯᠣᠮᠧᠲᠷ ᠪᠠᠴᠢᠮ ᠶᠠᠭᠠᠷᠠᠯ ᠲᠠᠢ ᠪᠠᠷ ︽ᠴᠠᠭᠠᠰᠤᠨ ᠳᠡᠭᠡᠷᠡᠬᠢ ᠡᠷᠬᠡ ᠠᠰᠢᠭ︾ ᠢ ︽ᠵᠢᠩᠬᠢᠨᠢ ᠠᠯᠲᠠ ᠮᠥᠩᠭᠦ︾ ᠪᠣᠯᠭᠠᠨ ᠬᠡᠷᠡᠭᠵᠢᠭᠦᠯᠪᠡ᠃ ᠨᠢᠭᠡ ᠤᠳᠠᠭ᠎ᠠ ᠶᠢᠨ ᠬᠤᠳᠠᠯᠳᠤᠭᠠᠨ ᠤ ᠭᠡᠷ᠎ᠡ ᠶᠢᠨ ᠵᠢᠭᠤᠷᠠᠯᠳᠤᠭᠠᠨ ᠢ ᠭᠦᠢᠴᠡᠳᠬᠡᠬᠦ ᠬᠡᠷᠡᠭ ᠲᠡᠭᠦᠨ ᠤ ᠬᠠᠷᠠᠯᠲᠠ ᠨᠢ ᠨᠡᠯᠢᠶᠡᠳ ᠶᠡᠭᠡ᠂ ᠬᠡᠷᠡᠭ ᠤᠨ ᠵᠣᠭᠤᠰ ᠤᠨ ᠰᠦᠪᠡᠭᠴᠢ ᠨᠢ ᠨᠡᠯᠢᠶᠡᠳ ᠨᠢᠭᠤᠴᠠ ᠪᠣᠯᠬᠤᠷ ᠳᠠᠭᠠᠭᠠᠨ ᠭᠦᠢᠴᠡᠳᠬᠡᠬᠦ ᠰᠢᠭᠦᠭᠴᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠨ ᠦᠵᠡᠪᠡ᠃ ᠬᠡᠷᠡᠭ ᠤᠨ ᠪᠠᠶᠢᠳᠠᠯ ᠢ ᠪᠠᠶᠢᠴᠠᠭᠠᠨ ᠲᠣᠳᠤᠯᠠᠭᠰᠠᠨ ᠤ ᠳᠠᠷᠠᠭ᠎ᠠ᠂ ᠲᠣᠳᠣᠷᠬᠠᠢ ᠮᠡᠳᠡᠭᠡᠯᠡᠯ ᠢ ᠣᠯᠵᠤ᠂ ᠭᠠᠳᠠᠷ ᠣᠷᠣᠨ ᠤ ᠨᠢᠭᠡᠨ ᠤᠯᠤᠰ ᠤᠨ ᠥᠮᠴᠢᠯᠡᠯ ᠤᠨ ᠠᠵᠤ ᠠᠬᠤᠢᠯᠠᠯ ᠲᠤᠬᠠᠢᠯᠠᠭᠰᠠᠨ ᠠᠵᠢᠯ ᠤᠨ ᠶᠠᠪᠤᠯᠴᠠᠭ᠎ᠠ ᠠᠴᠠ ᠪᠣᠯᠵᠤ ᠭᠦᠢᠴᠡᠳᠭᠡᠭᠳᠡᠭᠰᠡᠳ ᠲᠤ ᠨᠢᠭᠡ ᠪᠦᠯᠦᠭ ᠪᠡᠯᠡ ᠮᠦᠩᠭᠦ ᠥᠭᠬᠦ ᠭᠡᠵᠦ ᠪᠠᠶᠢᠨ᠎ᠠ᠂ ᠳᠠᠭᠠᠭᠠᠨ ᠭᠦᠢᠴᠡᠳᠬᠡᠬᠦ  ᠰᠢᠭᠦᠭᠴᠢ ᠲᠡᠷᠡ ᠳᠠᠷᠤᠢ ᠳᠤᠨᠢ ᠭᠦᠢᠴᠡᠳᠭᠡᠬᠦ ᠤᠴᠢᠷ ᠶᠠᠪᠤᠳᠠᠯ ᠤᠨ ᠨᠠᠶᠢᠳᠠᠬᠤ ᠬᠡᠯᠪᠡᠷᠢ ᠪᠠᠷ ᠡᠨᠡ ᠬᠦ ᠬᠤᠷᠢᠶᠠᠬᠤ ᠶᠣᠰᠣᠲᠠᠢ ᠳᠠᠩᠰᠠᠨ ᠵᠣᠭᠤᠰ ᠢ ᠴᠢᠪᠳᠠᠭᠯᠠᠨ᠂ ᠦᠳᠲᠦᠷ ᠲᠦᠷᠭᠡᠨ ᠲᠠᠪᠤᠨ ᠬᠥᠮᠦᠨ ᠤ ᠲᠤᠰᠬᠠᠢ ᠬᠡᠷᠡᠭ ᠤᠨ ᠳᠤᠭᠤᠶᠢᠯᠠᠩ ᠪᠠᠶᠢᠭᠤᠯᠵᠤ᠂ ᠤᠷᠢᠳᠴᠢᠯᠠᠨ ᠮᠠᠭᠠᠳᠯᠠᠨ᠂ ᠲᠥᠰᠦᠯ ᠲᠣᠭᠲᠠᠭᠠᠵᠤ᠂ ᠬᠤᠯᠠ ᠭᠤᠷᠪᠠᠳᠤᠭᠠᠷ ᠡᠲᠡᠭᠡᠳ ᠤᠨ ᠰᠠᠭᠤᠭ᠎ᠠ ᠭᠠᠵᠠᠷ ᠲᠤ ᠬᠦᠷᠴᠦ ᠲᠤᠰ ᠬᠡᠷᠡᠭ ᠢ ᠰᠢᠢᠳᠪᠦᠷᠢᠯᠡᠪᠡ᠃ ᠬᠦᠨᠳᠦ ᠨᠣᠴᠢᠲᠠᠢ ᠬᠠᠷᠰᠢ ᠰᠠᠭᠠᠳ᠂ ᠲᠤᠰᠬᠠᠢ ᠬᠡᠷᠡᠭ ᠤᠨ ᠳᠤᠭᠤᠶᠢᠯᠠᠩ ᠠᠶᠤᠯ ᠲᠦᠭᠰᠢᠭᠦᠷᠢ ᠠᠴᠠ ᠠᠶᠤᠬᠤ ᠦᠭᠡᠢ᠂ ᠴᠢᠨᠠᠭᠰᠢᠯᠠᠪᠠᠯ ᠵᠣᠭᠤᠰ ᠲᠣᠷᠭᠠᠬᠤ ᠲᠣᠭᠲᠠᠭᠠᠯ ᠤᠨ ᠪᠢᠴᠢᠭ ᠭᠠᠷᠭᠠᠵᠤ᠂ ᠲᠠᠰᠤᠷᠠᠯᠲᠠ ᠦᠭᠡᠢ ︽ᠵᠥᠭᠡᠯᠡᠨ ᠲᠡᠭᠡᠷᠮ᠎ᠡ ᠬᠠᠲᠠᠭᠤ ᠴᠥᠪᠥᠷᠢᠭᠦᠦ︾ ᠪᠠᠷ ᠳᠠᠮᠵᠢᠨ᠂ ᠭᠤᠷᠪᠠᠳᠤᠭᠠᠷ ᠡᠲᠡᠭᠡᠳ ᠡᠴᠦᠰ ᠲᠡᠭᠡᠨ‌ᠡᠪᠰᠡᠬᠦ ᠶᠢ ᠬᠦᠯᠢᠶᠡᠨ ᠠᠪᠴᠤ᠂ ᠳᠠᠭᠠᠭᠠᠨ ᠭᠦᠢᠴᠡᠳᠬᠡᠬᠦ ᠰᠢᠭᠦᠭᠴᠢ ᠬᠠᠤᠯᠢ ᠶᠣᠰᠣᠭᠠᠷ ᠨᠥᠭᠦᠭᠡ ᠡᠲᠡᠭᠡᠳ ᠢᠶᠠᠨ ᠳᠠᠩᠰᠠ ᠬᠤᠪᠢᠶᠠᠬᠤ ᠴᠠᠭ ᠬᠢᠵᠠᠭᠠᠷ ᠢ ᠲᠣᠳᠣᠷᠬᠠᠢ ᠪᠣᠯᠭᠠᠬᠤ ᠪᠠᠷ ᠱᠠᠭᠠᠷᠳᠠᠵᠤ᠂ ᠵᠣᠭᠤᠰ ᠳᠠᠩᠰᠠᠨ ᠳᠤ ᠣᠷᠣᠬᠤ ᠶᠢ ᠨᠢᠳᠦ ᠪᠠᠷ ᠢᠶᠠᠨ ᠦᠵᠡᠭᠰᠡᠨ ᠤ ᠳᠠᠷᠠᠭ᠎ᠠ ᠰᠠᠶ᠋ᠢ ᠰᠠᠨᠠᠭ᠎ᠠ ᠠᠮᠤᠷᠠᠪᠠ᠃ 20 ᠡᠳᠦᠷ  ᠤᠨ ᠴᠠᠭ ᠬᠡᠷᠡᠭᠰᠡᠵᠦ᠂ 4 000 ᠭᠠᠷᠤᠶ ᠺᠢᠯᠤᠮᠧᠲᠷ ᠠᠶᠠᠯᠠᠵᠤ᠂ ᠪᠡᠯᠡ ᠮᠦᠩᠭᠦ ᠬᠦᠦ ᠮᠥᠩᠭᠦ ᠨᠡᠶᠢᠲᠡ 2382 ᠲᠦᠮᠡᠨ ᠲᠥᠭᠦᠷᠢᠭ ᠰᠢᠢᠳᠪᠦᠷᠢᠯᠡᠪᠡ᠃ ᠬᠡᠷᠡᠭ ᠢ ᠭᠦᠢᠴᠡᠳᠬᠡᠨ ᠳᠠᠭᠤᠰᠬᠠᠭᠰᠠᠨ ᠤ ᠳᠠᠷᠠᠭ᠎ᠠ᠂ ᠭᠤᠶᠤᠴᠢᠯᠠᠭᠴᠢ ᠶᠢᠨ ᠵᠠᠬᠢᠳᠠᠯ ᠢ ᠣᠯᠵᠤ᠄ ︽ᠪᠠᠶ᠋ᠬᠠᠤᠪᠤᠭ᠎ᠠ ᠠᠭᠤᠷᠬᠠᠢ ᠶᠢᠨ ᠲᠣᠭᠤᠷᠢᠭ ᠤᠨ ᠬᠠᠤᠯᠢ ᠪᠠᠷ ᠵᠠᠰᠠᠬᠤ ᠡᠵᠡᠩᠨᠡᠯᠲᠡ ᠶᠢᠨ ᠣᠷᠴᠢᠨ ᠲᠣᠭᠤᠷᠢᠨ᠂ ᠠᠷᠠᠳ ᠤᠨ ᠰᠢᠭᠦᠬᠦ ᠬᠤᠷᠢᠶᠠᠨ ᠤ ᠬᠠᠮᠠᠭᠠᠯᠠᠯᠲᠠ ᠶᠢᠨ ᠳᠣᠣᠷ᠎ᠠ ᠨᠡᠩ ᠴᠡᠪᠡᠷ ᠲᠤᠩᠭᠠᠯᠠᠭ᠂ ᠨᠡᠩ ᠦᠵᠡᠰᠬᠦᠯᠡᠩᠲᠦ ᠰᠠᠶᠢᠬᠠᠨ ᠪᠣᠯᠬᠤ ᠶᠢ ᠮᠠᠨ ᠤ ᠺᠣᠮᠫᠠᠨᠢ ᠪᠠᠲᠤ ᠢᠲᠡᠭᠡᠵᠦ ᠪᠠᠶᠢᠨ᠎ᠠ︾ ᠭᠡᠪᠡ᠃    ᠢᠷᠭᠡᠨ ᠤ ᠬᠡᠷᠡᠭ ᠪᠤᠶᠤ ᠡᠷᠡᠭᠦᠦ ᠶᠢᠨ ᠬᠡᠷᠡᠭ᠂ ᠭᠦᠢᠴᠡᠳᠬᠡᠬᠦ ᠬᠡᠷᠡᠭ ᠭᠡᠰᠡᠨ ᠦᠭᠡᠢ᠂ ᠪᠠᠶ᠋ᠬᠠᠤᠪᠤᠭ᠎ᠠ ᠠᠭᠤᠷᠬᠠᠢ ᠶᠢᠨ ᠲᠣᠭᠤᠷᠢᠭ ᠤᠨ ᠠᠷᠠᠳ ᠤᠨ ᠰᠢᠭᠦᠬᠦ ᠬᠤᠷᠢᠶᠠᠨ ᠤ ᠺᠠᠳ᠋ᠷ ᠴᠠᠭᠳᠠᠭ᠎ᠠ ᠨᠠᠷ ᠬᠡᠷᠡᠭ ᠨᠢᠭᠡᠪᠦᠷᠢ ᠶᠢ ᠰᠡᠳᠬᠢᠯ ᠲᠠᠯᠪᠢᠨ ᠬᠠᠶᠢᠷ᠎ᠠ ᠰᠡᠳᠬᠢᠯᠭᠡ ᠲᠠᠢ ᠪᠠᠷ ᠰᠠᠶᠢᠲᠤᠷ ᠡᠷᠬᠢᠯᠡᠬᠦ ᠶᠢ ᠢᠮᠠᠭᠲᠠ ᠪᠠᠷᠢᠮᠲᠠᠯᠠᠨ᠎ᠠ᠃ ᠺᠠᠳ᠋ᠷ ᠴᠠᠭᠳᠠᠭ᠎ᠠ ᠨᠠᠷ ᠡᠳᠦᠷ ᠪᠦᠷᠢ ᠬᠦᠷᠭᠡᠬᠦ᠂ ᠡᠶᠡᠳᠡᠭᠦᠯᠬᠦ᠂ ᠲᠢᠩᠬᠢᠮ ᠨᠡᠭᠡᠭᠡᠬᠦ᠂ ᠰᠢᠭᠦᠨ ᠲᠠᠰᠤᠯᠤᠯᠲᠠ ᠶᠢ ᠳᠠᠪᠲᠠᠵᠤ ᠪᠠᠶᠢᠨ᠎ᠠ᠃ ᠤᠳᠠᠭ᠎ᠠ ᠪᠦᠷᠢ ᠶᠢᠨ ᠲᠤᠶᠢᠯ ᠤᠨ ᠵᠣᠪᠠᠭᠤᠷᠢ ᠵᠦᠳᠡᠭᠦᠷᠢ ᠲᠠᠢ ᠬᠦᠷᠭᠡᠯᠲᠡ᠂ ᠤᠳᠠᠭ᠎ᠠ ᠪᠣᠯᠭᠠᠨ ᠤ ᠬᠦᠴᠢᠷ ᠵᠣᠪᠠᠯᠠᠩ ᠲᠠᠢ ᠡᠶᠡᠳᠡᠭᠦᠯᠦᠯᠲᠡ᠂ ᠤᠳᠠᠭ᠎ᠠ ᠪᠣᠯᠭᠠᠨ ᠤ ᠲᠣᠳᠤᠷᠬᠠᠢ ᠠᠵᠢᠭᠯᠠᠯᠲᠠ ᠶᠢᠨ ᠰᠢᠭᠦᠯᠲᠡ᠂ ᠤᠳᠠᠭ᠎ᠠ ᠪᠣᠯᠭᠠᠨ ᠤ ᠲᠥᠪ ᠭᠤᠣᠯᠴᠢ ᠭᠤᠶᠠᠴᠢ ᠦᠭᠡᠢ ᠰᠢᠭᠦᠨ ᠲᠠᠰᠤᠯᠤᠯᠲᠠ᠃ ᠠᠷᠪᠠᠨ ᠬᠤᠶᠠᠷ ᠰᠠᠷ᠎ᠠ ᠶᠢᠨ ᠳᠣᠲᠣᠷ᠎ᠠ᠂ ᠰᠢᠭᠦᠬᠦ ᠲᠢᠩᠬᠢᠮ ᠳᠤ ᠮᠥᠨ ᠲᠡᠳᠡᠨ ᠤ ᠳᠠᠭᠤ ᠴᠤᠤᠷᠢᠶᠠᠳᠤᠵᠤ᠂ ᠳ᠋ᠧᠩ ᠤᠨ ᠭᠡᠷᠡᠯ ᠤᠨ ᠳᠣᠣᠷ᠎ᠠ ᠮᠥᠨ ᠯᠡ ᠲᠡᠳᠡᠨ  ᠪᠠᠷ᠎ᠠ ᠬᠠᠷᠠᠭᠳᠠᠵᠤ᠂ ᠬᠡᠷᠡᠭ ᠤᠨ ᠡᠪᠬᠡᠮᠡᠯ ᠳᠤ ᠲᠡᠳᠡᠨ ᠤ ᠬᠦᠯᠦᠰᠦ ᠰᠢᠩᠭᠡᠵᠡᠢ᠃ ᠲᠡᠳᠡ ᠴᠢᠯᠠᠭᠤᠨ ᠵᠠᠪᠰᠠᠷ ᠲᠤ ᠣᠷᠭᠤᠭᠰᠠᠨ ᠲᠡᠮᠦᠷ ᠬᠤᠸᠠᠷ ᠰᠢᠭ ᠴᠥᠬᠦᠷᠡᠰᠢ ᠦᠭᠡᠢ᠂ ᠬᠦᠴᠦᠷᠬᠡᠭᠵᠢᠬᠦ ᠪᠠᠷ ᠬᠦᠴᠦᠯᠡᠨ ᠴᠢᠷᠮᠠᠶᠢᠵᠤ᠂ ᠵᠣᠪᠠᠭᠤᠷᠢ ᠵᠦᠳᠡᠭᠦᠷᠢ ᠶᠢ ᠲᠡᠰᠪᠦᠷᠢᠯᠡᠵᠦ᠂ ᠡᠷᠡᠯᠬᠡᠭᠯᠡᠨ ᠲᠡᠮᠡᠴᠡᠵᠦ᠂ ︽ᠵᠢᠵᠢᠭ ᠪᠦᠭᠡᠳ ᠨᠠᠷᠢᠯᠢᠭ᠂ ᠨᠠᠷᠢᠯᠢᠭ ᠪᠦᠭᠡᠳ ᠰᠢᠯᠢᠳᠡᠭ᠂ ᠰᠢᠯᠢᠳᠡᠭ ᠪᠦᠭᠡᠳ ᠬᠦᠴᠦᠷᠬᠡᠭ︾ ᠤᠨ ᠨᠡᠷᠡᠲᠦ ᠲᠡᠮᠳᠡᠭᠲᠦ ᠤᠨ ᠭᠠᠵᠠᠷ ᠢ ᠬᠦᠴᠦᠯᠡᠨ ᠪᠠᠶᠢᠭᠤᠯᠵᠤ᠂ ᠡᠭᠦᠷᠢᠳᠡ ᠴᠠᠯᠠᠭᠠᠶᠢᠷᠠᠬᠤ ᠦᠭᠡᠢ ᠤᠶᠤᠨ ᠰᠠᠨᠠᠭᠠᠨ ᠤ ᠳᠦᠷᠰᠦ ᠪᠠᠶᠢᠳᠠᠯ ᠪᠣᠯᠣᠨ ᠴᠤᠴᠠᠯᠲᠠ ᠦᠭᠡᠢ ᠤᠷᠤᠭᠰᠢᠯᠠᠬᠤ ᠲᠡᠮᠡᠴᠡᠯ ᠤᠨ ᠵᠣᠷᠢᠭ ᠰᠠᠨᠠᠭ᠎ᠠ ᠶᠢ ᠪᠦᠷᠢᠯᠳᠦᠭᠦᠯᠵᠦ᠂ ᠬᠠᠤᠯᠢ ᠴᠠᠭᠠᠵᠠ ᠶᠢᠨ ᠬᠦᠴᠦᠨ ᠢᠶᠠᠷ ᠭᠠᠵᠠᠷ ᠣᠷᠣᠨ ᠤ ᠬᠥᠭᠵᠢᠯᠲᠡ ᠶᠢ ᠬᠠᠮᠠᠭᠠᠯᠠᠵᠤ᠂ ᠨᠢᠭᠡ ᠣᠷᠣᠨ ᠪᠦᠰᠡ ᠶᠢᠨ ᠭᠡᠷᠡᠯ ᠢᠶᠠᠷ ᠪᠦᠬᠦ ᠲᠠᠯ᠎ᠠ ᠳᠤ ᠭᠡᠷᠡᠯ ᠭᠢᠯᠪᠠᠭ᠎ᠠ ᠨᠡᠮᠡᠷᠢᠯᠡᠵᠦ᠂ ᠰᠢᠨ᠎ᠡ ᠴᠠᠭ ᠦᠶ᠎ᠡ ᠶᠢᠨ ᠬᠠᠤᠯᠢ ᠪᠠᠷ ᠵᠠᠰᠠᠬᠤ ᠠᠤᠭ᠎ᠠ ᠵᠢᠷᠤᠭ ᠲᠥᠯᠥᠪᠯᠡᠭᠡ ᠶᠢ ᠵᠢᠷᠣᠭᠯᠠᠨ᠎ᠠ᠃ 
ᠢᠷᠡᠯᠲᠡ᠄ ᠪᠠᠶ᠋ᠬᠠᠣᠪᠤᠭ᠎ᠠ ᠠᠭᠤᠷᠬᠠᠢ ᠶᠢᠨ ᠲᠣᠭᠤᠷᠢᠭ ᠤᠨ ᠠᠷᠠᠳ ᠤᠨ ᠰᠢᠭᠦᠬᠦ ᠬᠤᠷᠢᠶ᠎ᠠ