ᠪᠠᠶ᠋ᠬᠠᠣᠪᠤᠭ᠎ᠠ ᠠᠭᠤᠷᠬᠠᠢ ᠶᠢᠨ ᠲᠣᠭᠤᠷᠢᠭ᠄ ᠬᠠᠤᠯᠢ ᠪᠤᠰᠤ ᠪᠠᠷ ᠪᠡᠯᠡ ᠴᠤᠭᠯᠠᠭᠤᠯᠬᠤ ᠠᠵᠢᠯᠯᠠᠭ᠎ᠠ ᠳᠤ ᠴᠣᠬᠢᠯᠲᠠ ᠥᠭᠴᠦ ᠮᠥᠩᠭᠦᠨ ᠭᠦᠢᠯᠭᠡᠭᠡᠨ ᠤ ᠰᠠᠶᠢᠨ ᠰᠠᠶᠢᠬᠠᠨ ᠡᠮᠬᠢ ᠳᠢᠭᠯᠢᠮ ᠢ ᠴᠡᠪᠡᠷᠰᠢᠭᠦᠯᠦᠶ᠎ᠡ
ᠨᠡᠶᠢᠲᠡᠯᠡᠭᠰᠡᠨ ᠴᠠᠭ᠄
2024/8/20
    ᠬᠠᠤᠯᠢ ᠪᠤᠰᠤ ᠪᠠᠷ ᠪᠡᠯᠡ ᠴᠤᠭᠯᠠᠭᠤᠯᠬᠤ ᠠᠵᠢᠯᠯᠠᠭ᠎ᠠ ᠨᠢ ᠨᠡᠶᠢᠭᠡᠮ ᠤᠨ ᠠᠵᠤ ᠠᠬᠤᠶ ᠪᠠ ᠮᠥᠩᠭᠦᠨ ᠭᠦᠢᠯᠭᠡᠭᠡᠨ ᠤ ᠡᠮᠬᠢ ᠵᠢᠷᠤᠮ ᠢ ᠬᠦᠨᠳᠦ ᠨᠣᠴᠢᠲᠠᠶ ᠨᠥᠯᠥᠭᠡᠯᠡᠵᠦ᠂ ᠥᠷᠭᠡᠨ ᠣᠯᠠᠨ ᠠᠷᠠᠳ ᠲᠦᠮᠡᠨ ᠤ ᠡᠳ᠋ ᠬᠥᠷᠥᠩᠭᠡ ᠶᠢᠨ ᠠᠰᠢᠭ ᠲᠤᠰᠠ ᠶᠢ ᠬᠤᠬᠢᠷᠠᠭᠤᠯᠤᠭᠰᠠᠨ ᠪᠠᠶᠢᠨ᠎ᠠ᠃ ᠰᠠᠭᠤᠭᠠᠯᠢ ᠠᠷᠠᠳ ᠤᠨ ᠬᠠᠤᠯᠢ ᠪᠤᠰᠤ ᠪᠠᠷ ᠪᠡᠯᠡ ᠴᠤᠭᠯᠠᠭᠤᠯᠬᠤ ᠲᠤᠬᠠᠶ ᠲᠠᠨᠢᠯᠲᠠ᠂ ᠬᠠᠤᠯᠢ ᠪᠤᠰᠤ ᠪᠠᠷ ᠪᠡᠯᠡ ᠴᠤᠭᠯᠠᠭᠤᠯᠬᠤ ᠶᠢ ᠢᠯᠭᠠᠨ ᠲᠠᠨᠢᠬᠤ ᠪᠠ ᠰᠡᠷᠭᠡᠶᠢᠯᠡᠬᠦ ᠴᠢᠳᠠᠪᠤᠷᠢ ᠶᠢ ᠤᠯᠠᠮ ᠨᠢᠭᠡ ᠠᠯᠬᠤᠮ ᠳᠡᠭᠡᠭᠰᠢᠯᠡᠭᠦᠯᠵᠦ᠂ ᠥᠷᠭᠡᠨ ᠣᠯᠠᠨ ᠰᠠᠭᠤᠭᠠᠯᠢ ᠠᠷᠠᠳ ᠢ ᠬᠥᠲᠥᠯᠥᠨ ᠵᠢᠯᠣᠭᠤᠳᠴᠤ ᠪᠠᠶᠢᠭᠠᠳ ᠬᠠᠤᠯᠢ ᠪᠤᠰᠤ ᠪᠠᠷ ᠪᠡᠯᠡ ᠴᠤᠭᠯᠠᠭᠤᠯᠬᠤ ᠶᠢ ᠤᠬᠠᠮᠰᠠᠷ ᠠᠴᠠ ᠪᠠᠨ ᠡᠰᠡᠷᠭᠦᠴᠡᠨ ᠬᠤᠷᠢᠭᠯᠠᠬᠤ ᠪᠠ ᠵᠠᠶᠢᠯᠠᠭᠤᠯᠵᠤ᠂ ᠰᠠᠭᠤᠭᠠᠯᠢ ᠠᠷᠠᠳ ᠤᠨ ᠡᠳ᠋ ᠬᠥᠷᠥᠩᠭᠡ ᠶᠢᠨ ᠠᠮᠤᠷ ᠲᠦᠪᠰᠢᠨ ᠢ ᠪᠠᠲᠤᠯᠠᠬᠤ ᠶᠢᠨ ᠲᠥᠯᠥᠭᠡ᠂ 8 ᠳ᠋ᠤᠭᠠᠷ ᠰᠠᠷ᠎ᠠ ᠶᠢᠨ 15 ᠤ ᠡᠳᠦᠷ᠂ ᠲᠣᠭᠤᠷᠢᠭ ᠤᠨ ᠡᠳ᠋ ᠤᠨ ᠵᠠᠰᠠᠭ ᠤᠨ ᠲᠣᠪᠴᠢᠶ᠎ᠠ ᠬᠠᠮᠢᠶ᠎ᠠ ᠪᠦᠬᠦᠢ ᠬᠥᠮᠦᠰ ᠢ ᠵᠣᠬᠢᠶᠠᠨ ᠪᠠᠶᠢᠭᠤᠯᠤᠨ ᠬᠠᠷᠢᠶ᠎ᠠ ᠣᠷᠣᠨ ᠤ ᠳᠥᠷᠪᠡᠨ ᠨᠡᠶᠢᠭᠡᠮ ᠲᠣᠭᠤᠷᠢᠭ ᠲᠤ ᠭᠦᠨᠵᠡᠭᠡᠶᠢᠷᠡᠨ ᠬᠠᠤᠯᠢ ᠪᠤᠰᠤ ᠪᠠᠷ ᠪᠡᠯᠡ ᠴᠤᠭᠯᠠᠭᠤᠯᠬᠤ ᠠᠵᠢᠯᠯᠠᠭ᠎ᠠ ᠳᠤ ᠴᠣᠬᠢᠯᠲᠠ ᠥᠭᠬᠦ ᠤᠬᠠᠭᠤᠯᠭ᠎ᠠ ᠶᠢᠨ ᠠᠵᠢᠯᠯᠠᠭ᠎ᠠ ᠬᠢᠵᠦ᠂ ᠣᠯᠠᠨ ᠲᠦᠮᠡᠨ ᠢ ᠬᠥᠲᠥᠯᠥᠨ ᠵᠢᠯᠣᠭᠤᠳᠴᠤ ᠪᠠᠶᠢᠭᠠᠳ ᠬᠠᠤᠯᠢ ᠪᠤᠰᠤ ᠪᠠᠷ ᠪᠡᠯᠡ ᠴᠤᠭᠯᠠᠭᠤᠯᠬᠤ᠂ ᠭᠡᠷ᠎ᠡ ᠶᠢᠨ ᠮᠡᠬᠡᠯᠡᠯ᠂ ᠰᠦᠯᠵᠢᠶ᠎ᠡ ᠪᠠᠷ ᠳᠠᠮᠵᠢᠭᠤᠯᠤᠨ ᠪᠣᠷᠣᠯᠠᠭᠤᠯᠬᠤ ᠵᠡᠷᠭᠡ ᠣᠯᠠᠨ ᠲᠦᠮᠡᠨ ᠤ ᠡᠳᠦᠷ ᠲᠤᠲᠤᠮ ᠤᠨ ᠠᠮᠢᠳᠤᠷᠠᠯ ᠲᠠᠢ ᠨᠢᠭᠲᠠ ᠬᠤᠯᠪᠣᠭ᠎ᠠ ᠲᠠᠢ ᠠᠵᠤ ᠠᠬᠤᠶ ᠶᠢᠨ ᠶᠠᠯᠠᠲᠤ ᠠᠵᠢᠯᠯᠠᠭ᠎ᠠ ᠡᠭᠦᠰᠬᠦ ᠶᠢ ᠡᠬᠢ ᠡᠭᠦᠰᠦᠯ ᠠᠴᠠ ᠨᠢ ᠪᠦᠲᠦᠮᠵᠢᠲᠡᠶ ᠬᠤᠷᠢᠭᠯᠠᠪᠠ᠃
8.20白云鄂博矿区:打击非法集资行为 净化良好金融秩序.png
    ᠲᠣᠰ ᠤᠳᠠᠭᠠᠨ ᠤ ᠤᠬᠠᠭᠤᠯᠭ᠎ᠠ ᠶᠢᠨ ᠠᠵᠢᠯᠯᠠᠭ᠎ᠠ ᠪᠠᠷ ᠳᠠᠮᠵᠢᠭᠤᠯᠤᠨ᠂ ᠣᠯᠠᠨ ᠲᠦᠮᠡᠨ ᠳᠤ ᠬᠠᠤᠯᠢ ᠪᠤᠰᠤ ᠪᠠᠷ ᠪᠠᠯᠠ ᠴᠤᠭᠯᠠᠭᠤᠯᠬᠤ ᠶᠢᠨ ᠬᠤᠤᠷ ᠬᠥᠨᠥᠭᠡᠯᠲᠦ ᠴᠢᠨᠠᠷ ᠢ ᠨᠠᠩ ᠰᠠᠶᠢᠲᠤᠷ ᠣᠶᠢᠯᠠᠭᠠᠭᠤᠯᠵᠤ᠂ ᠣᠯᠠᠨ ᠲᠦᠮᠡᠨ ᠤ ᠥᠨᠳᠥᠷ ᠠᠰᠢᠭ ᠬᠤᠨᠵᠢᠪᠣᠷᠢ ᠶᠢᠨ ᠲᠥᠭᠡᠷᠢᠭᠳᠡᠯ ᠢ ᠲᠡᠪᠴᠢᠬᠦ ᠤᠬᠠᠮᠰᠠᠷ ᠢ ᠨᠡᠮᠡᠭᠳᠡᠭᠦᠯᠦᠨ᠂ ᠣᠯᠠᠨ ᠲᠦᠮᠡᠨ ᠤ ᠥᠪᠡᠷ ᠤᠨ ︽ᠵᠣᠭᠤᠰᠣᠨ ᠤᠭᠤᠲᠠ︾ ᠪᠠᠨ ᠰᠠᠬᠢᠵᠤ᠂ ᠥᠪᠡᠷ ᠤᠨ ᠵᠣᠯ ᠵᠢᠷᠭᠠᠯᠲᠤ ᠬᠡᠷ ᠪᠦᠯᠢ ᠪᠠᠨ ᠰᠠᠶᠢᠲᠤᠷ ᠰᠠᠬᠢᠨ ᠬᠠᠮᠠᠭᠠᠯᠠᠵᠤ᠂ ᠠᠮᠢᠳᠤᠷᠠᠯ ᠢᠶᠠᠨ ᠨᠠᠩ ᠰᠠᠶᠢᠨ ᠰᠠᠶᠢᠬᠠᠨ᠂ ᠨᠡᠶᠢᠭᠡᠮ ᠢ ᠨᠠᠩ ᠡᠶ᠎ᠡ ᠵᠣᠬᠢᠴᠠᠩᠭᠤᠢ᠂ ᠮᠥᠩᠭᠦᠨ ᠭᠦᠢᠯᠭᠡᠭᠡᠨ ᠤ ᠣᠷᠴᠢᠨ ᠨᠥᠬᠦᠴᠡᠯ ᠢ ᠨᠠᠩ ᠲᠣᠭᠲᠠᠭᠤᠨ ᠪᠠᠶᠢᠯᠠᠭᠠᠬᠤ ᠳᠤ ᠠᠰᠢᠭᠲᠠᠢ᠃ 
ᠢᠷᠡᠯᠲᠡ᠄ ᠲᠣᠭᠤᠷᠢᠭ ᠤᠨ ᠡᠳ᠋ ᠤᠨ ᠵᠠᠰᠠᠭ ᠤᠨ ᠲᠣᠪᠴᠢᠶ᠎ᠠ