ᠬᠡᠢ︕ ᠨᠠᠶᠢᠵᠠ ᠠ᠋᠂ ᠨᠢᠳᠤᠨᠤᠨ ᠵᠢᠯ ᠤᠨ ᠬᠠᠪᠤᠷ᠂ ᠪᠢᠳᠡ ᠰᠢᠩ ᠭᠤᠸᠠᠩ ᠨᠡᠶᠢᠭᠡᠮ ᠲᠣᠭᠤᠷᠢᠭ ᠤᠨ ᠣᠷᠣᠢ ᠶᠢᠨ ᠰᠤᠷᠭᠠᠭᠤᠯᠢ ᠶᠢᠨ ᠶᠠᠲᠤᠭ᠎ᠠ ᠶᠢᠨ ᠠᠩᠭᠢ ᠶᠢᠨ | ᠤᠴᠠᠷᠠᠯ ᠢ ᠴᠡᠭᠡᠵᠢᠯᠡᠵᠦ ᠪᠠᠶᠢᠨ᠎ᠠ ᠤᠤ︖ | | | | | | ᠴᠠᠭ ᠠᠭᠤᠷ ᠳᠤᠯᠠᠭᠠᠷᠠᠵᠤ ᠵᠤᠨ ᠤ ᠡᠬᠢᠨ ᠬᠦᠷᠴᠦ ᠂ ᠬᠤᠷᠤᠭᠤᠨ ᠦᠵᠦᠭᠦᠷ ᠬᠦᠰᠢᠭᠦᠨ ᠪᠠᠶᠢᠭᠰᠠᠨ ᠠᠴᠠ ᠴᠢᠪᠬᠠᠳᠠᠰᠤᠲᠤ ᠳᠠᠭᠤᠤ ᠡᠷᠬᠢᠯᠳᠦᠬᠦ ᠬᠦᠷᠲᠡᠯ᠎ᠡ᠂ ᠶᠠᠲᠤᠭ᠎ᠠ | ᠨᠢ ᠨᠡᠶᠢᠭᠡᠮ ᠲᠣᠭᠤᠷᠢᠭ ᠤᠨ ᠬᠦᠳᠡᠯᠭᠡᠭᠡᠨ ᠤ ᠦᠷᠦᠭᠡ ᠳᠤ ᠪᠢᠳᠡᠨ ᠲᠠᠢ ᠬᠠᠮᠲᠤ ᠳᠦᠷᠪᠡᠨ ᠤᠯᠠᠷᠢᠯ ᠢ ᠥᠩᠭᠡᠷᠡᠭᠡᠵᠡᠢ ᠃ ᠣᠶᠢᠷ᠎ᠠ ᠳᠤ ᠂ ᠳᠥᠷᠪᠡᠨ ᠬᠤᠭᠤᠴᠠᠭᠠᠨ ᠤ ᠬᠢᠴᠢᠶᠡᠯ | ᠰᠡᠮᠡᠬᠡᠷ ᠳᠠᠭᠤᠰᠪᠠ ᠂ ᠢᠷᠠᠭᠤ ᠰᠠᠶᠢᠬᠠᠨ ᠲᠠᠯᠠᠷᠬᠠᠯ ᠤᠨ ᠬᠥᠰᠢᠭᠡ ᠪᠠᠶᠢᠬᠤ ᠦᠭᠡᠢ᠂ ᠵᠥᠪᠬᠡᠨ ᠬᠤᠭᠤᠷ ᠤᠨ ᠬᠠᠶᠢᠷᠴᠠᠭ ᠳᠣᠲᠣᠷ᠎ᠠ ᠳᠠᠷᠤᠭᠳᠠᠵᠤ ᠪᠠᠶᠢᠭ᠎ᠠ ᠳᠥᠷᠪᠡᠨ ᠤᠯᠠᠷᠢᠯ᠂ | ᠶᠠᠲᠤᠭ᠎ᠠ ᠶᠢᠨ ᠴᠢᠪᠬᠠᠳᠠᠰᠤ ᠳᠡᠭᠡᠷᠡᠬᠢ ᠳᠥᠷᠪᠡᠨ ᠤᠯᠠᠷᠢᠯ ᠵᠢᠴᠢ ᠬᠦᠷ ᠨᠠᠷᠭᠢᠶᠠᠨ ᠳᠣᠲᠤᠷᠠᠬᠢ ᠲᠡᠳᠡᠭᠡᠷ ᠡᠶᠡᠯᠳᠡᠭ ᠮᠥᠷᠲᠡᠭᠡᠨ ᠪᠠᠷᠢᠮᠲᠠᠯᠠᠯ ᠪᠤᠢ ᠃ | | | | | | ᠬᠠᠪᠤᠷ · ᠲᠩᠷᠢ ᠳᠤᠯᠠᠭᠠᠷᠠᠬᠤ ᠴᠠᠭ ᠲᠤ ᠴᠢᠪᠬᠠᠳᠠᠰᠤ ᠬᠦᠳᠡᠯᠦᠨ᠎ᠡ | ︽ ᠠᠩᠬ᠎ᠠ ᠶᠠᠲᠤᠭ᠎ᠠ ᠴᠢᠪᠬᠠᠳᠠᠬᠤ ᠳᠤ ᠭᠠᠷ ᠴᠡᠴᠡᠷᠡᠭᠡᠳ ᠬᠠᠪᠤᠷ ᠤᠨ ᠰᠠᠯᠬᠢᠨ ᠳᠠᠬᠢ ᠤᠳᠠ ᠤᠯᠢᠶᠠᠰᠤᠨ ᠨᠠᠮᠠᠭ᠎ᠠ ᠰᠢᠭ᠋︾ ᠭᠡᠪᠡ᠃ ᠰᠤᠷᠤᠭᠴᠢ ᠰᠢᠶᠣᠤ ᠯᠢᠨ᠂ | ᠬᠢᠴᠢᠶᠡᠯ ᠨᠡᠭᠡᠭᠡᠭᠰᠡᠨ ᠲᠡᠷᠡ ᠡᠳᠦᠷ ᠬᠠᠪᠤᠷ ᠤᠨ ᠬᠦᠢᠲᠡᠨ ᠪᠠᠶᠢᠵᠤ᠂ ᠲᠡᠷᠡ ᠬᠦᠵᠦᠭᠦᠨ ᠣᠷᠢᠶᠠᠯᠲᠠ ᠵᠡᠭᠦᠵᠦ ᠬᠢᠴᠢᠶᠡᠯ ᠣᠷᠣᠬᠤ ᠪᠠᠷ ᠢᠷᠡᠵᠦ ᠂ ︽ᠼᠠᠩ ᠬᠠᠢ ᠨᠢᠭᠡ | ᠢᠨᠢᠶᠡᠳᠦ︾ ᠭᠡᠬᠦ ᠬᠥᠭᠵᠢᠮ ᠤᠨ ᠠᠶᠠᠰ ᠲᠤ ᠭᠤᠣᠯ ᠮᠥᠷᠡᠨ ᠤ ᠠᠭᠤᠵᠢᠮ ᠢ ᠬᠠᠷᠠᠭᠰᠠᠨ ᠢᠶᠠᠨ ᠴᠡᠭᠡᠵᠢᠯᠡᠨ᠎ᠡ ᠃ | ᠵᠤᠨ · ᠴᠢᠪᠬᠠᠳᠠᠰᠤᠲᠤ ᠵᠢᠷᠬᠢᠷ᠎ᠡ ᠶᠢᠨ ᠳᠠᠭᠤᠨ ᠳᠤ | ︽ ᠳᠠᠭᠤᠨ ᠳᠠᠭᠤᠨ ᠤᠳᠠᠭᠠᠨ︾ ᠢ ᠪᠣᠯᠪᠠᠰᠤᠷᠠᠵᠤ ᠪᠠᠶᠢᠬᠤ ᠳᠤ ᠬᠦᠯᠦᠰᠦ ᠴᠢᠪᠬᠠᠳᠠᠰᠤ ᠳᠡᠭᠡᠷ᠎ᠡ ᠳᠤᠰᠤᠯᠠᠵᠤ ᠶᠠᠭ ᠯᠠ ᠪᠠᠭ᠎ᠠ ᠪᠣᠷᠣᠭᠠᠨ ᠣᠷᠣᠭᠰᠠᠨ ᠰᠢᠭ᠋︾᠃ | ᠬᠤᠭᠤᠯᠠ ᠬᠦᠷᠭᠡᠭᠴᠢ ᠰᠢᠶᠤᠤ ᠵᠣᠣ ᠶᠡᠷᠦ ᠨᠢ ᠬᠤᠭᠤᠯᠠ ᠪᠠᠨ ᠬᠦᠷᠭᠡᠵᠦ ᠪᠠᠷᠠᠮᠠᠭᠴᠠ ᠬᠥᠭᠵᠢᠮ ᠤᠨ ᠥᠷᠦᠭᠡᠨ ᠳᠤ ᠬᠦᠶᠦᠨ ᠢᠷᠡᠨ᠎ᠡ᠂ ᠲᠡᠷᠡ ᠬᠤᠭᠤᠷ ᠤᠨ ᠠᠶ᠎ᠠ ᠨᠢ | ᠲᠡᠭᠦᠨ ᠤ ︽ᠬᠠᠯᠠᠭᠤᠨ ᠢ ᠲᠠᠶᠢᠯᠬᠤ ᠡᠮ︾ ᠭᠡᠳᠡᠭ ᠃ | ᠨᠠᠮᠤᠷ · ᠴᠢᠪᠬᠠᠳᠠᠰᠤᠲᠤ ᠤᠨᠠᠭᠰᠠᠨ ᠨᠠᠪᠴᠢᠨ ᠳᠤᠮᠳᠠ | ︽ᠬᠡᠦᠬᠡᠳ ᠲᠤ ᠪᠠᠨ ︿ᠬᠢᠲᠠᠳ ᠣᠷᠳᠣᠨ ᠤ ᠨᠠᠮᠤᠷ ᠤᠨ ᠰᠠᠷ᠎ᠠ ﹀ ᠶᠢᠨ ᠠᠶ᠎ᠠ ᠶᠢ ᠳᠠᠷᠤᠬᠤ ᠳᠤ ᠵᠢᠭᠠᠬᠤ ᠳᠤ ᠲᠡᠷᠡ ᠭᠡᠨᠡᠳᠲᠡ ︿ ᠡᠵᠢ ᠡ᠂ ᠴᠢᠨᠦ ᠬᠤᠭᠤᠷ ᠤᠨ ᠡᠭᠡᠰᠢᠭ | ᠶᠠᠭ ᠮᠣᠳᠣᠨ ᠤ ᠨᠠᠪᠴᠢ ᠪᠥᠵᠢᠭᠯᠡᠵᠦ ᠪᠠᠶᠢᠬᠤ ᠰᠢᠭ﹀ ᠭᠡᠵᠦ ᠬᠡᠯᠡᠪᠡ︾᠃ ᠭᠡᠷ ᠤᠨ ᠡᠵᠡᠨ ᠤ ᠡᠮᠡᠭᠲᠡᠢ ᠯᠢᠦ ᠡᠭᠡᠴᠢ ᠶᠢᠨ ᠬᠤᠭᠤᠷ ᠤᠨ ᠬᠠᠶᠢᠷᠴᠠᠭ ᠲᠤ ᠬᠦᠦ ᠶᠢᠨ ᠬᠢᠨ | ᠵᠢᠷᠤᠭᠰᠠᠨ ︽ᠡᠵᠢ ᠬᠤᠭᠤᠷ ᠤᠨ ᠬᠦᠭᠵᠢᠮ ᠬᠦᠭᠵᠢᠮᠳᠡᠬᠦ ᠵᠢᠷᠤᠭ︾ ᠬᠠᠳᠠᠭᠠᠯᠠᠭᠳᠠᠵᠤ᠂ ᠪᠠᠰᠠ ᠨᠢᠭᠡ ᠬᠤᠭᠤᠷ ᠤᠨ ᠵᠢᠭᠰᠠᠯ ᠠᠴᠠ ᠬᠡᠶᠢᠰᠬᠦ ᠮᠥᠩᠭᠦᠨ ᠭᠦᠢᠯᠡᠰᠦᠨ ᠨᠠᠪᠴᠢ | ᠪᠠᠶᠢᠯ᠎ᠠ᠃ | ᠡᠪᠦᠯ · ᠴᠢᠪᠬᠠᠳᠠᠰᠤ ᠡᠪᠦᠯ ᠤᠨ ᠬᠦᠢᠲᠡᠨ ᠰᠦᠨᠢ ᠢ ᠳᠤᠯᠠᠭᠠᠯᠠᠨ᠎ᠠ | ︽60 ᠨᠠᠰᠤ ᠬᠦᠷᠴᠢᠬᠡᠯ᠎ᠡ ᠂ ᠠᠩᠬ᠎ᠠ ᠤᠳᠠᠭ᠎ᠠ ᠶᠠᠲᠤᠭ᠎ᠠ ᠪᠠᠷᠢᠵᠤ ᠪᠠᠶᠢᠨ᠎ᠠ ᠂ ᠶᠠᠭ ᠵᠠᠯᠠᠭᠤ ᠦᠶ᠎ᠡ ᠶᠢᠨ ᠢᠶᠠᠨ ᠬᠦᠰᠡᠯ ᠢ ᠲᠡᠮᠳᠡᠷᠢᠵᠦ ᠪᠠᠶᠢᠭ᠎ᠠ ᠰᠢᠭ᠋ ︾ ᠃ ᠴᠧᠨ ᠠᠨᠢᠶ᠎ᠠ | ᠶᠡᠷᠦ ᠨᠢ ᠬᠦᠭᠵᠢᠮ ᠤᠨ ᠳᠠᠭᠤᠨ ᠳᠤ ᠵᠠᠯᠠᠭᠤ ᠦᠶ᠎ᠡ ᠪᠠᠨ ᠳᠤᠷᠠᠰᠤᠨ᠎ᠠ ᠃ ᠡᠳᠦᠭᠡ᠂ ᠲᠡᠭᠦᠨ ᠤ ᠬᠥᠭᠵᠢᠮ ᠤᠨ ᠠᠶᠠᠰ ᠨᠢ ᠨᠡᠶᠢᠭᠡᠮ ᠲᠣᠭᠤᠷᠢᠭ ᠤᠨ ᠬᠠᠮᠤᠭ ᠤᠨ ᠳᠤᠯᠠᠭᠠᠨ | ᠦᠳᠡᠰᠢ ᠶᠢᠨ ᠳᠠᠭᠤᠤ ᠪᠣᠯᠪᠠ ᠃ | ᠲᠡᠭᠦᠰᠬᠦ ᠡᠳᠦᠷ᠂ ᠪᠦᠵᠢᠭ ᠤᠨ ᠲᠠᠶᠢᠰᠠ ᠦᠭᠡᠢ᠂ ᠠᠯᠠᠭ᠎ᠠ ᠲᠠᠰᠢᠯᠳᠠ ᠶᠢᠨ ᠲᠠᠭᠤᠨ ᠦᠭᠡᠢ᠂ ᠭᠡᠷᠡᠯ ᠲᠦᠪᠯᠡᠷᠡᠬᠦᠯᠬᠦ ᠳ᠋ᠧᠩ ᠤᠨ ᠲᠤᠤᠷᠠᠬᠢ ᠶᠤᠰᠤᠯᠠᠯ ᠤᠨ ᠲᠦᠷᠦᠭᠳᠡᠯ | ᠦᠭᠡᠢ᠃ ᠰᠤᠷᠤᠭᠴᠢᠳ ᠨᠡᠶᠢᠭᠡᠮ ᠲᠣᠭᠤᠷᠢᠭ ᠤᠨ ᠣᠷᠣᠢ ᠶᠢᠨ ᠰᠤᠷᠭᠠᠭᠤᠯᠢ ᠶᠢᠨ ᠬᠥᠳᠡᠯᠭᠡᠭᠡᠨ ᠤ ᠲᠠᠰᠤᠭ ᠲᠤ ᠬᠦᠷᠢᠶᠡᠯᠡᠨ ᠰᠠᠭᠤᠵᠤ᠂ ᠶᠠᠲᠤᠭ᠎ᠠ ᠨᠠᠮ ᠵᠢᠮ ᠵᠢᠭᠰᠠᠵᠤ᠂ | ᠬᠦᠯᠢᠶᠡᠰᠦᠯᠡᠯ ᠢᠶᠠᠨ ᠬᠦᠯᠢᠶᠡᠵᠦ ᠪᠠᠶᠢᠭ᠎ᠠ ᠬᠠᠭᠤᠴᠢᠨ ᠴᠠᠭ ᠮᠦᠴᠡ ᠰᠢᠭ᠋ ᠪᠠᠶᠢᠯ᠎ᠠ᠃ ᠵᠠᠷᠢᠮ ᠨᠢ ᠠᠶ᠎ᠠ ᠲᠣᠬᠢᠷᠠᠭᠤᠯᠵᠤ ᠂ ᠵᠠᠷᠢᠮ ᠨᠢ ᠬᠠᠭᠤᠷᠮᠠᠭ ᠬᠢᠮᠤᠰᠤ ᠪᠠᠨ ᠵᠦᠯᠭᠦᠵᠦ᠂ | ᠵᠠᠷᠢᠮ ᠨᠢ ︽ᠼᠠᠩ ᠬᠠᠢ ᠨᠢᠭᠡ ᠢᠨᠢᠶᠡᠳᠦ︾ ᠭᠡᠰᠡᠨ ᠬᠠᠭᠤᠳᠠᠰᠤ ᠶᠢ ᠳᠡᠯᠭᠡᠨ᠎ᠡ — ᠲᠡᠷᠡ ᠪᠣᠯ ᠣᠯᠠᠨ ᠢᠶᠠᠷ ᠢᠶᠠᠨ ᠬᠠᠮᠤᠭ ᠰᠡᠭᠦᠯ ᠤᠨ ᠬᠢᠴᠢᠶᠡᠯ ᠳᠡᠭᠡᠨ ᠬᠠᠮᠲᠤ ᠪᠠᠷ | ᠰᠣᠩᠭᠤᠵᠤ ᠲᠣᠭᠲᠠᠭᠰᠠᠨ ︽ᠠᠶᠠᠷᠯᠠᠬᠤ ᠠᠶ᠎ᠠ ︾ ᠪᠣᠯᠤᠨ᠎ᠠ ᠃ | ᠳᠥᠷᠪᠡᠨ ᠤᠯᠠᠷᠢᠯ ᠡᠷᠭᠢᠯᠳᠦᠵᠦ᠂ ᠬᠤᠭᠤᠷ ᠤᠨ ᠡᠭᠡᠰᠢᠭ ᠬᠡᠪ ᠢᠶᠠᠷ ᠢᠶᠠᠨ ᠃ ᠲᠡᠳᠡᠭᠡᠷ ᠴᠢᠪᠬᠠᠳᠠᠰᠤᠨ ᠳᠤᠮᠳᠠᠬᠢ ᠪᠠᠷᠢᠮᠲᠠᠯᠠᠯ ᠂ ᠬᠠᠭᠤᠷᠮᠠᠭ ᠬᠢᠮᠤᠰᠤᠨ ᠳᠤᠮᠳᠠᠬᠢ | ᠡᠶᠡᠯᠳᠡᠭ᠂ ᠨᠡᠶᠢᠭᠡᠮ ᠲᠣᠭᠤᠷᠢᠭ ᠲᠠᠬᠢ ᠴᠤᠤᠷᠢᠶ᠎ᠠ᠂ ᠠᠯᠢ ᠡᠷᠲᠡ ᠰᠣᠶᠣᠯ ᠤᠨ ᠦᠷ᠎ᠡ ᠪᠣᠯᠵᠤ᠂ ᠬᠥᠮᠥᠨ ᠪᠦᠷᠢ ᠶᠢᠨ ᠠᠮᠢᠳᠤᠷᠠᠯ ᠳᠤ ᠰᠣᠶᠣᠭᠠᠯᠠᠵᠠᠢ᠃ | ᠬᠤᠭᠤᠷ ᠤᠨ ᠡᠭᠡᠰᠢᠭ ᠢ ᠳᠥᠷᠪᠡᠨ ᠤᠯᠠᠷᠢᠯ ᠤᠨ ᠵᠡᠭᠦᠯᠲᠡ ᠪᠣᠯᠭᠠᠵᠤ᠂ ᠰᠤᠶᠤᠯ ᠢ ᠬᠦᠷ ᠨᠠᠷᠭᠢᠶᠠᠨ ᠳᠤ ᠦᠨᠳᠦᠰᠦᠯᠡᠭᠦᠯᠦᠶ᠎ᠡ ᠃ | |