ᠭᠤᠷᠪᠠᠨ ᠵᠦᠢᠷᠡᠢ ᠱᠠᠬᠠᠢ ᠶᠢᠨ ᠲᠦᠷᠢᠮ
ᠨᠡᠶᠢᠲᠡᠯᠡᠭᠰᠡᠨ ᠴᠠᠭ᠄
2018-05-23
     zappos ᠪᠤᠯ ᠠᠮᠧᠷᠢᠺᠠ ᠶᠢᠨ ᠱᠠᠬᠠᠢ ᠬᠤᠳᠠᠯᠳᠤᠳᠠᠭ ᠰᠦᠯᠵᠢᠶᠡᠨ ᠲᠡᠯᠭᠡᠭᠦᠷ ᠶᠤᠮ᠂  ︽ᠭᠤᠷᠪᠠᠨ‌ᠵᠦ᠋ᠢᠷᠡᠢ‌‍ᠱᠠᠬᠠᠢ︾᠎ ᠶᠢᠨ ᠦᠢᠯᠡᠴᠢᠯᠡᠬᠦ ᠲᠦᠷᠢᠮ ᠢᠶᠠᠷ ᠢᠶᠠᠨ ᠦᠢ ᠤᠯᠠᠨ ᠬᠡᠷᠡᠭᠯᠡᠭᠴᠢᠳ ᠤᠨ ᠰᠡᠳᠬᠢᠯ ᠢ ᠲᠠᠳᠠᠬᠰᠠᠨ ᠪᠠᠶᠢᠨ᠎ᠡ᠃            ︽ᠭᠤᠷᠪᠠᠨ ᠵᠦᠢᠷᠡᠢ ᠱᠠᠬᠠᠢ︾᠎ ᠶᠢᠨ ᠲᠦᠷᠢᠮ ᠬᠡᠵᠤ᠂ ᠬᠡᠷᠡᠭᠯᠡᠭᠴᠢ ᠨᠢᠬᠡ ᠤᠳᠠᠭ᠎ᠠ ᠭᠤᠷᠪᠠᠨ ᠵᠦᠢᠯ ᠤᠨ ᠠᠳᠠᠯᠢ ᠪᠤᠰᠤ ᠶᠠᠩᠵᠤ ᠮᠠᠶᠢᠭ ᠤᠨ ᠱᠠᠬᠠᠢ ᠵᠠᠬᠢᠶᠠᠯᠠᠵᠤ ᠪᠤᠯᠤᠨ᠎ᠠ︔ ᠵᠠᠬᠢᠶᠠᠯᠠᠬᠰᠠᠨ ᠱᠠᠬᠠᠢ ᠪᠠᠨ ᠲᠤᠰᠤᠨ ᠤᠯᠤᠬᠰᠠᠨ ᠤ ᠲᠠᠷᠠᠭ᠎ᠠ᠂ ᠬᠡᠷᠡᠭᠯᠡᠭᠴᠢ‌ᠨᠢᠭᠡᠳ ᠨᠢᠭᠡ ᠪᠠᠷ ᠡᠮᠦᠰᠴᠦ ᠦᠵᠡᠨ᠂ ᠨᠠᠶᠢᠵᠠ ᠨᠦᠬᠦᠳ ᠪᠤᠶᠤ ᠭᠡᠷ ᠤᠨ ᠬᠦᠮᠦᠰ ᠤᠨ ᠢᠶᠠᠨ ᠰᠠᠨᠠᠯ ᠢ ᠦᠨᠳᠦᠰᠦᠯᠡᠵᠦ᠂ᠬᠠᠮᠤᠭ ᠤᠨ ᠲᠤᠭᠤᠬᠰᠠᠨ ᠨᠢᠭᠡ ᠵᠦᠢᠷᠡᠢ ᠱᠠᠬᠠᠢ ᠪᠠᠨ ᠦᠯᠡᠳᠡᠬᠡᠨ ᠠᠪᠴᠤ᠂ ᠲᠡᠮᠡᠢ ᠬᠠᠨᠤᠮᠵᠢ ᠦᠬᠡᠢ ᠨᠦᠭᠦᠭᠡ ᠬᠤᠶᠠᠷ ᠵᠦᠢᠷᠡᠢ ᠱᠠᠬᠠᠢ ᠶᠢ ᠺᠤᠮᠫᠠᠨᠢ ᠳᠤ ᠪᠤᠴᠠᠭᠠᠵᠤ ᠪᠤᠯᠬᠤ ᠮᠦᠷᠳᠡᠭᠡᠨ‌ᠢᠯᠡᠭᠡᠬᠦ ᠰᠦᠢᠳᠭᠡᠯ ᠢ ᠨᠢ ᠺᠤᠮᠫᠠᠨᠢ ᠠᠴᠠ ᠲᠠᠭᠠᠭᠠᠳᠠᠭ ᠪᠠᠶᠢᠨ᠎ᠠ᠃              ᠦᠪᠡᠰᠦᠪᠡᠨ‌‍ᠰᠢᠢᠳᠪᠦᠷᠢ ᠭᠠᠷᠭᠠᠵᠤ ᠲᠡᠶᠢᠯᠬᠦ ᠦᠬᠡᠢ ᠡᠷᠡᠭᠡᠯᠵᠡᠨ ᠲᠠᠳᠠᠭᠠᠯᠵᠠᠳᠠᠭ ᠵᠠᠷᠢᠮ‌‍ᠬᠡᠷᠡᠭᠯᠡᠭᠴᠢᠳ ᠲᠤ ᠴᠢᠭᠯᠡᠬᠦᠯᠦᠨ ᠲᠤᠰ ᠺᠤᠮᠫᠠᠨᠢ ᠪᠠᠰᠠ 365 ᠡᠳᠦᠷ ᠤᠨ ᠲᠤᠳᠤᠷ ᠎ᠠ ᠦᠨ᠎ᠡ ᠲᠦᠯᠦᠪᠦᠷᠢ ᠦᠭᠡᠢ ᠪᠠᠷ ᠪᠠᠷᠠᠭ᠎ᠠ ᠪᠤᠴᠠᠭᠠᠵᠤ ᠪᠤᠯᠬᠤ ᠲᠦᠷᠢᠮ ᠢ ᠬᠡᠷᠡᠭᠵᠢᠬᠦᠯᠦᠭᠰᠡᠨ ᠪᠦᠬᠡᠳ ᠨᠠᠰᠢ‌‍ᠴᠠᠰᠢ ᠶᠠᠪᠤᠭᠤᠯᠬᠤ ᠰᠦᠢᠳᠬᠡᠯ ᠢ ᠮᠦᠨ ᠺᠤᠮᠫᠠᠨᠢ ᠠᠴᠠ ᠲᠠᠭᠠᠭᠠᠬᠰᠠᠨ ᠪᠠᠶᠢᠨ᠎ᠠ᠃              zappos ᠺᠤᠮᠫᠠᠨᠢ ᠶᠢᠨ ᠬᠢᠨ ᠤ ᠡᠨᠡᠬᠦ ᠡᠩ ᠤᠨ ᠵᠤᠷᠰᠢᠯ ᠢ ᠡᠪᠳᠡᠭᠰᠡᠨ ᠬᠠᠩᠭᠠᠮᠵᠢᠲᠠᠢ ᠲᠤᠳᠤᠨᠤ ᠦᠢᠯᠡᠴᠢᠯᠡᠭᠡ ᠨᠢ‌ᠬᠤᠳᠠᠯᠳᠤᠨ‌ᠠᠪᠤᠬᠴᠢ ᠶᠢᠨ ᠲᠦᠯᠦᠭᠡ ᠪᠤᠳᠤᠯᠬᠢᠯᠠᠠ ᠬᠤᠳᠠᠯᠳᠤᠨ ᠠᠪᠤᠬᠴᠢ ᠳᠤ ᠲᠦᠭᠦᠮ ᠦᠵᠡᠭᠦᠯᠦᠭᠰᠡᠨ ᠡᠴᠠ‌‍ᠬᠡᠷᠡᠭᠯᠡᠭᠴᠢᠳ ᠤᠨ ᠲᠠᠭᠠᠰᠢᠶᠠᠯ ᠢ ᠤᠯᠤᠭᠰᠠᠨ ᠮᠦᠷᠳᠡᠭᠡᠨ ᠶᠡᠭᠡ ᠦᠢᠯᠡᠰ ᠪᠦᠳᠦᠭᠡᠬᠦ ᠬᠡᠰᠡᠨ ᠺᠤᠮᠫᠠᠨᠢ ᠶᠢᠨ ᠰᠦᠰᠦ ᠵᠤᠷᠢᠭ ᠪᠡ‌ᠢᠳᠡ ᠬᠦᠴᠦ ᠶᠢ ᠬᠠᠷᠠᠭᠤᠯᠤᠬᠰᠠᠨ ᠪᠠᠶᠢᠨ᠎ᠠ᠃              ᠡᠶᠢᠮᠦ ᠠᠴᠠ ᠺᠤᠮᠫᠠᠨᠢ ᠶᠢᠨ ᠰᠢᠨ᠎ᠡ ᠬᠤᠳᠠᠯᠳᠤᠨ ᠠᠪᠤᠬᠴᠢ ᠲᠠᠰᠤᠷᠠᠯᠲᠠ ᠦᠭᠡᠢ ᠨᠡᠮᠡᠭᠳᠡᠭᠰᠡᠨ ᠪᠦᠭᠡᠳ‌ᠤᠯᠠᠩᠬᠢ ᠨᠢ ᠰᠢᠳᠤᠷᠭᠤ ᠬᠡᠷᠡᠭᠯᠡᠭᠴᠢᠳ ᠪᠤᠯᠤᠬᠰᠠᠨ ᠪᠠᠶᠢᠨ᠎ᠠ᠃            ︽ᠭᠤᠷᠪᠠᠨ ᠵᠦᠢᠷᠡᠢ ᠱᠠᠬᠠᠢ︾᠎ ᠶᠢᠨ ᠲᠦᠷᠢᠮ ᠨᠢ ᠬᠡᠳᠦ᠋ᠢᠪᠡᠷ ᠺᠤᠮᠫᠠᠨᠢ ᠶᠢᠨ ᠡᠵᠡᠩᠨᠡᠯᠳᠠ ᠶᠢᠨ ᠦᠪᠡᠷ ᠤᠨ ᠦᠷᠳᠡᠭ ᠢ‌‍ᠬᠡᠳᠦᠨ ᠲᠠᠬᠢᠨ ᠢᠶᠠᠷ ᠨᠡᠮᠡᠭᠳᠡᠬᠦᠯᠦᠭᠰᠡᠨ ᠪᠤᠯᠪᠠᠴᠤ ᠬᠤᠳᠠᠯᠳᠤᠨ ᠠᠪᠤᠭᠰᠠᠳ ᠤᠨ ᠬᠦᠷᠢᠶᠡᠯᠡᠯ ᠢ ᠶᠡᠭᠡᠳᠡ ᠤᠯᠵᠤ ᠬᠤᠳᠠᠯᠳᠤᠨ‌ᠠᠪᠤᠭᠰᠠᠳ ᠤᠨ ᠮᠠᠬᠳᠠᠭᠠᠯ ᠤᠨ ᠲᠤᠤᠷ ᠎ᠠ ᠨᠡᠷᠡᠳᠦ ᠺᠤᠮᠫᠠᠨᠢ ᠪᠤᠯᠵᠤ ᠬᠦᠭᠵᠢᠭᠰᠡᠨ ᠪᠠᠶᠢᠨ᠎ᠠ᠃ ᠤᠳᠤ zappos ᠺᠤᠮᠫᠠᠨᠢ‌ᠨᠢᠭᠡᠨᠲᠡ ᠵᠢᠯ ᠤᠨ 10 ᠳ᠋ᠦᠩᠰᠢᠭᠤᠷ ᠳ᠋ᠤᠯᠯᠠᠷ ᠤᠨ ᠪᠤᠷᠤᠯᠠᠭᠤᠯᠭ᠎ᠠ ᠶᠢᠨ ᠬᠡᠮᠵᠢᠶ᠎ᠡ ᠲᠠᠢ ᠺᠤᠮᠫᠠᠨᠢ  ᠪᠤᠯᠵᠤ᠂ ᠠᠮᠧᠷᠢᠺᠠ ᠵᠢᠨ‌ᠡᠯᠧᠺᠲᠷᠤᠨ ᠬᠤᠳᠠᠯᠳᠤᠭᠠᠨ ᠤ ᠡᠳᠡᠭᠡᠳ ᠤᠨ ᠲᠤᠮᠳᠠ ᠤᠷᠦ᠋ᠢᠯᠠᠬᠰᠠᠨ ᠪᠠᠶᠢᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号