ᠦᠨᠢᠶᠡᠨ ᠰᠦ ᠶᠢ ᠬᠢᠨᠠᠨ ᠲᠤᠬᠳᠠᠭᠠᠬᠤ ᠰᠢᠨ᠎ᠠ ᠪᠠᠷᠢᠮᠵᠢᠶ᠎ᠠ ᠶᠢ ᠨᠡᠶᠢᠳᠡᠯᠡᠪᠡ
ᠨᠡᠶᠢᠲᠡᠯᠡᠭᠰᠡᠨ ᠴᠠᠭ᠄
2019-01-21
     ᠦᠨᠢᠶᠡᠨ ᠰᠦ ᠶᠢ ᠬᠢᠨᠠᠨ ᠲᠤᠬᠳᠠᠭᠠᠬᠤ ᠰᠢᠨ᠎ᠠ ᠪᠠᠷᠢᠮᠵᠢᠶ᠎ᠠ ᠶᠢ ᠨᠡᠶᠢᠳᠡᠯᠡᠪᠡ        ᠲᠤᠬᠳᠠᠭᠠᠯ ᠠᠴᠠ ᠵᠦᠷᠢᠴᠡᠨ ᠲᠠᠬᠢᠨ ᠰᠡᠷᠬᠦᠭᠡᠭᠰᠡᠨ ᠰᠦ ᠨᠡᠮᠡᠬᠦ ᠶᠢ ᠴᠢᠩᠭ᠎ᠠ ᠬᠠᠮᠢᠶᠠᠷᠤᠨ᠎ᠠ              ᠠᠷᠠᠳ ᠤᠨ ᠡᠳᠤᠷ ᠤᠨ ᠰᠤᠨᠢᠨ ᠤ ᠪᠡᠭᠡᠵᠢᠩ ᠤᠨ 3 ᠰᠠᠷ᠎ᠠ ᠶᠢᠨ 31᠎ ᠤ ᠡᠳᠤᠷ ᠤᠨ  ᠮᠡᠳᠡᠭᠡ ︵ᠰᠤᠷᠪᠤᠯᠵᠢᠯᠠᠭᠴᠢ ᠹᠧᠩ ᠬᠤᠸᠠ︶ ᠰᠤᠷᠪᠤᠯᠵᠢᠯᠠᠭᠴᠢ ᠬᠥᠳᠡᠭᠡ ᠠᠵᠤ ᠠᠬᠤᠢ ᠶᠢᠨ ᠶᠠᠮᠤᠨ ᠠᠴᠠ ᠦᠢᠯᠠᠭᠠᠭᠰᠠᠨ ᠎ ᠢᠶᠠᠷ᠂ ᠬᠥᠳᠡᠭᠡ ᠠᠵᠤ ᠠᠬᠤᠢ ᠶᠢᠨ ᠶᠠᠮᠤᠨ ᠦᠢᠷ᠎ᠠ ᠳᠤ ᠰᠢᠨ᠎ᠠ ᠪᠠᠷ ᠵᠠᠰᠠᠪᠤᠷᠢ ᠤᠷᠤᠭᠤᠯᠤᠭᠰᠠᠨ ︽ᠫᠠᠰᠲ᠋ᠧᠷ ᠤᠨ ᠠᠷᠭ᠎ᠠ ᠪᠠᠷ ᠪᠡᠺᠲ᠋ᠧᠷᠢ ᠠᠯᠠᠭᠰᠠᠨ ᠰᠦ ᠬᠢᠭᠡᠳ UHT᠎ ᠶᠢᠨ ᠠᠷᠭ᠎ᠠ ᠪᠠᠷ ᠪᠠᠺᠲ᠋ᠧᠷᠢ ᠤᠰᠠᠳᠬᠠᠭᠰᠠᠨ ᠰᠦ ᠳᠠᠬᠢ ᠲᠡᠬᠢᠨ ᠰᠡᠷᠬᠦᠭᠡᠭᠰᠡᠨ ᠰᠦ ᠶᠢ ᠬᠢᠨᠠᠨ ᠲᠤᠬᠳᠠᠭᠠᠬᠤ︾ ᠪᠠᠷᠢᠮᠵᠢᠶ᠎ᠠ ︵ᠲᠤᠷᠤᠬᠰᠢ ︽ᠪᠠᠷᠢᠮᠵᠢᠶ᠎ᠠ︾ ᠭᠡᠵᠤ ᠲᠤᠪᠴᠢᠯᠠᠨ᠎ᠠ︶ ᠎ ᠶᠢ ᠨᠡᠶᠢᠳᠡᠯᠡᠵᠤ᠂ 2016 ᠤᠨ ᠤ 4 ᠰᠠᠷ᠎ᠠ ᠶᠢᠨ 1᠎ ᠤ ᠡᠳᠤᠷ ᠠᠴᠠ ᠡᠬᠢᠯᠡᠵᠤ ᠬᠡᠷᠡᠭᠵᠢᠬᠦᠯᠤᠨ᠎ᠠ᠃ ᠲᠤᠰ ︽ᠪᠠᠷᠢᠮᠵᠢᠶ᠎ᠠ︾᠎ ᠳᠤ ᠵᠠᠰᠠᠪᠤᠷᠢ ᠤᠷᠤᠭᠤᠯᠵᠤ ᠨᠡᠶᠢᠳᠡᠯᠡᠭᠰᠡᠨ ᠨᠢ ᠮᠠᠨ ᠤ ᠤᠯᠤᠰ ᠤᠨ ᠲᠠᠬᠢᠨ ᠰᠡᠷᠬᠦᠭᠡᠭᠰᠡᠨ ᠰᠦ ᠶᠢ ᠬᠢᠨᠠᠨ ᠲᠤᠬᠳᠠᠭᠠᠬᠤ ᠪᠠᠷᠢᠮᠵᠢᠶ᠎ᠠ ᠶᠢ ᠲᠡᠬᠦᠯᠳᠡᠷᠵᠢᠬᠦᠯᠤᠨ᠂ ᠲᠤᠬᠳᠠᠭᠠᠯ ᠠᠴᠠ ᠵᠦᠷᠢᠴᠡᠨ ᠲᠡᠬᠢᠨ ᠰᠡᠷᠬᠦᠭᠡᠭᠰᠡᠨ ᠰᠦ ᠨᠡᠮᠡᠬᠦ ᠶᠢ ᠬᠢᠨᠠᠨ ᠬᠠᠮᠢᠶᠠᠷᠬᠤ ᠳᠤ  ᠰᠢᠨᠵᠢᠯᠡᠬᠦ ᠤᠬᠠᠭᠠᠨ ᠤ ᠦᠨᠳᠤᠰᠤᠯᠡᠯ ᠬᠠᠨᠭ᠍ᠭᠠᠵᠤ᠂ ᠬᠡᠷᠡᠭᠯᠡᠭᠴᠢᠳ ᠤᠨ ᠪᠠᠶᠢᠳᠠᠯ ᠢ ᠮᠡᠳᠡᠬᠦ ᠡᠷᠭᠡ ᠶᠢ ᠬᠠᠮᠠᠭᠠᠯᠠᠨ᠂ ᠰᠠᠭᠠᠯᠢ ᠶᠢᠨ ᠦᠢᠯᠡᠰ ᠤᠨ ᠡᠷᠡᠬᠦᠯ ᠬᠥᠭᠵᠢᠯᠳᠡ ᠶᠢ ᠠᠬᠢᠭᠤᠯᠬᠤ ᠳᠤ ᠢᠳᠡᠪᠬᠢᠳᠠᠢ ᠲᠦᠯᠬᠢᠬᠦ ᠦᠢᠯᠡᠳᠤᠯ ᠭᠠᠷᠭᠠᠬᠤ ᠪᠤᠯᠤᠨ᠎ᠠ᠃                ᠲᠡᠬᠢᠨ ᠰᠡᠷᠬᠦᠭᠡᠭᠰᠡᠨ ᠰᠦ ᠭᠡᠳᠡᠭ ᠪᠤᠯ ᠰᠢᠨ᠎ᠠ ᠦᠨᠢᠶᠡᠨ ᠰᠦ ᠶᠢ ᠦᠨᠳᠤᠷ ᠲᠤᠯᠠᠭᠠᠨ ᠳᠤ ᠪᠠᠺᠲ᠋ᠧᠷᠢ ᠶᠢ ᠎ ᠨᠢ ᠠᠯᠠᠵᠤ ᠬᠠᠳᠠᠭᠠᠭᠠᠳ ᠰᠦᠨ ᠲᠠᠯᠬ᠎ᠠ ᠪᠤᠯᠭᠠᠭᠰᠠᠨ ᠤ ᠲᠠᠷᠠᠭ᠎ᠠ᠂ ᠵᠤᠬᠢᠬᠤ ᠬᠠᠷᠢᠴᠠᠯ ᠪᠦᠬᠦᠢ ᠤᠰᠤ ᠪᠤᠶᠤ ᠦᠨᠢᠶᠡᠨ ᠰᠦ ᠬᠤᠯᠢᠵᠤ ᠰᠢᠩᠭᠡᠨ ᠲᠦᠯᠦᠪᠳᠤ ᠰᠦ ᠪᠤᠯᠭᠠᠭᠰᠠᠨ ᠴᠠᠭᠠᠨ  ᠢᠳᠡᠭᠡᠨ ᠢ ᠵᠢᠭᠠᠵᠤ ᠪᠠᠶᠢᠨ᠎ᠠ᠃ ᠦᠢᠯᠠᠭᠠᠮᠵᠢᠳᠠᠢ ᠪᠠᠷ ᠬᠡᠯᠡᠪᠡᠯ᠂ ᠲᠡᠬᠢᠨ ᠰᠡᠷᠬᠦᠭᠡᠭᠰᠡᠨ ᠰᠦ ᠪᠤᠯ ᠰᠦᠨ ᠲᠠᠯᠬ᠎ᠠ ᠬᠤᠯᠢᠵᠤ ᠵᠤᠬᠢᠶᠠᠭᠰᠠᠨ ᠦᠨᠢᠶᠡᠨ ᠰᠦ ᠪᠤᠯᠤᠨ᠎ᠠ᠃                ᠮᠡᠷᠭᠡᠵᠢᠯᠳᠡᠨ ᠤ ᠲᠤᠭᠤᠢᠢᠯᠠᠩ ᠤᠨ ᠲᠠᠨᠢᠯᠴᠠᠭᠤᠯᠤᠭᠰᠠᠨ ᠢᠶᠠᠷ᠂ ︽ᠪᠠᠷᠢᠮᠵᠢᠶ᠎ᠠ︾᠎ ᠶᠢᠨ  ᠰᠤᠩᠭᠤᠬᠰᠠᠨ ᠲᠤᠳᠤᠷᠬᠠᠢᠢᠯᠠᠯ ᠪᠤᠳᠡᠰ ᠪᠤᠯᠬᠤ ᠠᠭ᠎ᠠ ᠶᠢᠨ ᠾᠯᠤᠷ ᠬᠥᠴᠢᠯ ᠪᠠ ᠰᠦᠨ — ᠵᠢᠮᠢᠰ ᠤᠨ ᠰᠢᠬᠢᠷ ᠪᠤᠯ ᠴᠦᠮ ᠲᠦᠬᠦᠭᠡᠢ ᠰᠦ ᠳᠤ ᠮᠠᠰᠢ ᠴᠦᠭᠡᠨ ᠠᠭᠤᠯᠤᠬᠳᠠᠬᠤ ᠪᠤᠳᠡᠰ ᠮᠦᠨ᠃ ᠠᠭ᠎ᠠ ᠶᠢᠨ ᠾᠯᠤᠷ ᠬᠥᠴᠢᠯ ᠪᠤᠯ ᠦᠨᠢᠶᠡᠨ ᠰᠦ ᠶᠢ ᠬᠠᠯᠠᠭᠤᠨ ᠢᠶᠠᠷ ᠪᠤᠯᠪᠠᠰᠤᠷᠠᠭᠤᠯᠬᠤ ᠶᠠᠪᠤᠴᠠ ᠳᠤ ᠪᠤᠢ ᠪᠤᠯᠬᠤ ᠲᠠᠭᠠᠯᠳᠠ ᠶᠠᠭᠤᠮ᠎ᠠ ᠮᠦᠨ᠂ ᠰᠦᠨ — ᠵᠢᠮᠢᠰ ᠤᠨ ᠰᠢᠬᠢᠷ ᠪᠤᠯ ᠦᠨᠢᠶᠡᠨ ᠰᠦ ᠶᠢ ᠬᠠᠯᠠᠭᠤᠨ ᠢᠶᠠᠷ ᠪᠤᠯᠪᠠᠰᠤᠷᠠᠭᠤᠯᠬᠤ ᠶᠠᠪᠤᠴᠠ ᠳᠤ ᠰᠦᠨ ᠰᠢᠬᠢᠷ ᠤᠨ ᠱᠦᠯᠳᠤ ᠶᠢᠨ ᠪᠦᠯᠦᠭ ᠤᠨ ᠤᠨᠳᠤᠤᠰᠢᠯ  ᠎ ᠠᠴᠠ ᠪᠤᠢ ᠪᠤᠯᠬᠤ ᠪᠦᠳᠤᠭᠡᠭᠳᠡᠬᠦᠨ ᠮᠦᠨ᠃ ᠴᠠᠭᠠᠨ ᠢᠳᠡᠭᠡᠨ ᠤ ᠠᠵᠤ ᠦᠢᠯᠡᠳᠪᠤᠷᠢ ᠶᠢᠨ  ᠨᠢᠭᠡ ᠵᠦᠢᠯ ᠤᠨ ᠰᠦ ᠶᠢᠨ ᠲᠦᠬᠦᠭᠡᠢ ᠡᠳ᠋ ᠪᠤᠯᠤᠭᠰᠠᠨ ᠤ ᠬᠤᠪᠢ ᠳᠤ᠂ ᠰᠦᠨ ᠲᠠᠯᠬ᠎ᠠ ᠨᠢ ᠲᠠᠬᠢᠨ ᠰᠡᠷᠬᠦᠭᠡᠭᠰᠡᠨ ᠤ ᠲᠠᠷᠠᠭ᠎ᠠ ᠨᠠᠭᠠᠳᠤ ᠵᠠᠬ᠎ᠠ ᠳᠠᠭᠠᠨ ᠪᠠᠰᠠ ᠨᠢᠭᠡ ᠤᠳᠠᠭ᠎ᠠ ᠬᠤᠳᠠᠯᠳᠤᠭᠠᠨ ᠤ ᠴᠢᠨᠠᠷᠳᠠᠢ ᠬᠠᠯᠠᠭᠤᠨ ᠢᠶᠠᠷ ᠪᠠᠺᠲ᠋ᠧᠷᠢ ᠠᠯᠠᠬᠤ ᠶᠠᠪᠤᠴᠠ ᠶᠢ ᠦᠡᠭᠭᠡᠷᠡᠭᠡᠳᠡᠭ᠂ ᠶᠡᠷᠤᠩᠭᠡᠢ  ᠎ ᠳᠡᠭᠡᠨ ᠲᠠᠬᠢᠨ ᠰᠡᠷᠬᠦᠭᠡᠭᠰᠡᠨ ᠴᠠᠭᠠᠨ ᠢᠳᠡᠭᠡᠨ ᠤ ᠬᠠᠯᠠᠭᠤᠨ ᠤ ᠬᠡᠮᠳᠤᠯ ᠢ ᠲᠡᠰᠪᠤᠷᠢᠯᠡᠬᠦ ᠬᠡᠮᠵᠢᠶ᠎ᠠ ᠨᠢ ᠰᠢᠨ᠎ᠠ ᠰᠦ ᠪᠠᠷ ᠲᠦᠬᠦᠭᠡᠢ ᠮᠠᠲ᠋ᠧᠷᠢᠶᠠᠯ ᠪᠤᠯᠭᠠᠭᠰᠠᠨ ᠴᠠᠭᠠᠨ ᠢᠳᠡᠭᠡᠨ ᠠᠴᠠ ᠰᠠᠶᠢᠨ ᠪᠠᠶᠢᠳᠠᠬ᠃
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号