ᠮᠤᠩᠭᠤᠯᠴᠤᠳ ᠤᠨ ᠭᠡᠭᠡᠭᠳᠡᠵᠤ ᠤᠷᠬᠢᠭᠳᠠᠭᠰᠠᠨ ᠰᠢᠨᠵᠢᠯᠡᠬᠦ ᠤᠬᠠᠭᠠᠨᠴᠢ ᠠᠮᠢᠳᠤᠷᠠᠯ ‍ᠤᠨ‌‍ᠲ᠋ᠠᠳᠬᠠᠯ ᠤᠳ
ᠨᠡᠶᠢᠲᠡᠯᠡᠭᠰᠡᠨ ᠴᠠᠭ᠄
2019-04-24
     ᠮᠠᠨ ᠤ ᠮᠤᠩᠭᠤᠯ ᠦᠨᠳᠦᠰᠦᠲᠡᠨ ᠨᠢ ᠤᠩᠭᠡᠷᠡᠭᠰᠡᠨ ᠳᠤ ᠠᠮᠢᠳᠤᠷᠠᠯ ‍ᠤᠨ‌ᠤᠷᠴᠢᠨ ᠤ ᠨᠦᠯᠦᠭᠡᠯᠡᠯ ᠠᠴᠠ ᠪᠤᠯᠵᠤ ᠲᠦᠢᠯ ᠤᠨ ᠠᠷᠪᠢᠨ ᠤᠯᠠᠮᠵᠢᠯᠠᠨ ᠶᠠᠪᠤᠪᠠᠰᠤ ᠵᠤᠬᠢᠰᠲᠠᠢ ᠰᠠᠶᠢᠨ‌‍ᠰᠠᠶᠢᠬᠠᠨ ᠰᠢᠨᠵᠢᠯᠡᠬᠦ   ᠤᠬᠠᠭᠠᠨᠴᠢ ᠵᠠᠩ ᠳᠠᠳᠬᠠᠯ ᠲᠠᠢ ᠪᠠᠶᠢᠭᠰᠠᠨ᠃ ᠡᠳᠡᠭᠡᠷ ᠨᠢ ᠮᠤᠩᠭᠤᠯ ᠤᠷᠤᠨ ᠳᠤ ᠬᠢᠲᠠᠳ ᠰᠤᠶᠤᠯ ᠤᠨ ᠳᠡᠯᠭᠡᠷᠡᠬᠦ ᠶᠢ ᠳᠠᠭᠠᠯᠳᠤᠨ ᠠᠭᠠᠵᠢᠮ ᠢᠶᠠᠷ ᠤᠰᠠᠳᠤᠨ᠂ ᠤᠳᠤ ᠪᠤᠯᠬᠤ ᠳᠤ ᠪᠠᠷᠤᠭ ᠮᠡᠳᠡᠬᠦ ᠬᠦᠮᠦᠨ ᠦᠭᠡᠢ ᠪᠤᠯᠤᠭᠠᠳ ᠪᠠᠶᠢᠨ᠎ᠠ ᠭᠡᠮᠡᠷ ᠪᠤᠯᠵᠠᠢ᠂ ᠡᠳᠡᠭᠡᠷ ᠤᠨ ᠳᠤᠬᠠᠢ ᠪᠢ ᠦᠵᠡᠵᠤ ᠰᠤᠨᠤᠰᠤᠭᠰᠠᠨ ᠪᠠ ᠮᠡᠳᠡᠳᠡᠭ ᠬᠡᠳᠤ ᠪᠠᠨ ᠳᠠᠶᠠᠭᠠᠷ ᠲᠤ ᠳᠤᠷᠠᠳᠤᠮᠠᠷ ᠪᠠᠶᠢᠨ᠎ᠠ᠃      1᠄ ᠠᠶᠠᠭ᠎ᠠ ᠳᠤᠯᠢᠶᠠᠬᠤ ᠶᠤᠰᠤᠨ᠃ ᠦᠩᠭᠡᠷᠡᠭᠰᠡᠨ ᠤ ᠮᠤᠩᠭᠤᠯᠴᠤᠳ ᠬᠤᠭᠤᠯᠠ ᠪᠠᠨ  ᠢᠳᠡᠵᠤ ᠪᠠᠷᠠᠭᠰᠠᠨ ᠤ ᠳᠠᠷᠠᠭ᠎ᠠ ︿ᠨᠡᠩ ᠴᠦ ᠴᠬᠭᠠᠨ ᠢᠳᠡᠭᠡᠨ᠂ ᠠᠶᠢᠷᠠᠭ ᠲᠠᠷᠠᠭ ᠢᠳᠡᠭᠰᠡᠨ   ᠳᠠᠷᠠᠭ᠎ᠠ﹀ ᠠᠶᠠᠭ᠎ᠠ ᠪᠠᠨ ᠤᠰᠤ ᠪᠠᠷ ᠰᠢᠭᠤᠳ‌ᠤᠬᠢᠶᠠᠳᠠᠭ ᠪᠢᠰᠢ᠂ ᠬᠠᠷᠢᠨ ᠬᠡᠯᠡ ᠪᠠᠷ ᠢᠶᠠᠨ ᠪᠤᠶᠤ ᠬᠤᠷᠤᠭᠤ ᠪᠠᠷ ᠠᠶᠠᠭᠠᠨ ᠳᠤ ᠨᠠᠭᠠᠯᠳᠤᠵᠤ ᠦᠯᠡᠳᠡᠭᠰᠡᠨ ᠢᠳᠡᠭᠡ ᠪᠤᠳᠠᠭ᠎ᠠ ᠶᠢ ᠨᠢ ᠪᠦᠷᠢᠨ ᠴᠡᠪᠡᠷᠯᠡᠵᠤ‌ᠢᠳᠡᠭᠰᠡᠨ ᠤ ᠳᠠᠷᠠᠭ᠎ᠠ ᠤᠬᠢᠶᠠᠬᠤ ᠪᠤᠶᠤ ᠬᠤᠷᠢᠶᠠᠳᠠᠭ ᠪᠠᠶᠢᠨ᠎ᠠ ︿ᠵᠠᠷᠢᠮ ᠨᠠᠰᠤᠳᠠᠶᠢᠴᠥᠳ ᠤᠳᠤ ᠴᠦ ᠬᠡᠰᠡᠨ ᠡᠶᠢᠮᠤ ᠳᠠᠳᠭᠠᠯ ᠢᠶᠠᠨ ᠬᠠᠳᠠᠭᠠᠯᠠᠭᠰᠠᠭᠠᠷ ᠪᠠᠶᠢᠨ᠎ᠠ﹀᠃ ᠡᠨᠡ ᠎ ᠨᠢ ᠤᠳᠤ ᠪᠢᠳᠠᠨ ᠤ ᠪᠤᠳᠤᠬᠤ ᠪᠡᠷ‌ᠮᠠᠰᠢ ᠴᠡᠪᠡᠷ ᠪᠢᠰᠢ ᠪᠤᠶᠤ ᠮᠠᠭᠤᠬᠠᠢ ᠰᠠᠨᠠᠭᠳᠠᠬᠤ ᠪᠤᠯᠪᠠᠴᠤ᠂ ᠲᠡᠭᠦᠨ ᠳᠤ ᠮᠦᠭᠦᠯᠢᠩ ᠢᠳᠡᠭᠡᠨ ᠢ ᠴᠦ ᠤᠷᠬᠢᠭᠳᠠᠭᠤᠯᠬᠤ ᠦᠭᠡᠢ ᠠᠷᠪᠢᠴᠢ ᠴᠢᠨᠠᠷ ᠪᠠ ᠡᠳᠦᠷ ᠠᠴᠠ ᠡᠳᠦᠷ ᠴᠤᠬᠠᠭ ᠪᠤᠯᠵᠤ ᠪᠠᠶᠢᠭ᠎ᠠ ᠤᠰᠤ ᠶᠢ ᠡᠷᠲᠡ ᠳᠡᠭᠡᠳᠤ ᠠᠴᠠ ᠠᠷᠪᠢᠯᠠᠨ ᠭᠠᠮᠨᠠᠬᠤ ᠠᠯᠤᠰ ᠢᠷᠡᠭᠡᠳᠦᠢ ᠶᠢᠨ ᠬᠠᠷᠠᠯᠲᠠ ᠠᠬᠤᠭᠤᠯᠤᠭᠳᠠᠵᠤ ᠪᠠᠶᠢᠬᠤ ᠶᠢ ᠬᠢᠷᠬᠢᠨ ᠮᠡᠳᠡᠬᠦ ᠪᠢᠯᠡ᠃ ᠮᠠᠨ ᠤ ᠬᠢᠨ ᠪᠠᠷᠠᠨᠽᠢ ᠶᠢᠨ ᠨᠢᠭᠡ ᠶᠡᠷᠤᠩᠭᠡᠶᠢᠯᠡᠭᠴᠢ  ᠠᠶᠢᠯᠴᠢᠯᠠᠨ ᠢᠷᠡᠭᠡᠳ ᠦᠷᠯᠦᠭᠡᠨ ᠤ ᠬᠤᠭᠤᠯᠠ ᠪᠠᠨ ᠢᠳᠡᠭᠰᠡᠨ ᠳᠠᠷᠠᠭ᠎ᠠ ᠫᠢᠯᠠᠨ ᠳᠤ ᠦᠯᠡᠳᠡᠭᠰᠡᠨ ᠳᠠᠯᠬ᠎ᠠ ᠶᠢᠨ ᠦᠷᠦᠪᠳᠡᠰᠦ ᠪᠠᠨ ᠳᠤᠯᠢᠶᠠᠭᠰᠠᠨ ᠢ ᠶᠡᠭᠡᠯ᠎ᠡ ᠰᠤᠨᠢᠨ ᠪᠤᠯᠭᠠᠵᠤ ᠭᠡᠳᠦᠨ ᠡᠳᠦᠷ ᠦᠢᠮᠡᠯᠳᠦᠭᠰᠡᠨ ᠪᠠᠶᠢᠳᠠᠭ᠃ ᠲᠡᠭᠡᠪᠡᠯ ᠶᠠᠭᠠᠬᠢᠭᠠᠳ ᠳᠡᠷᠭᠡᠳᠡ ᠨᠢ ᠪᠠᠶᠢᠳᠠᠭ ᠤᠯᠠᠮᠵᠢᠯᠠᠯᠳᠤ ᠳᠠᠳᠭᠠᠯ ᠢᠶᠠᠨ ᠤᠴᠢᠷ ᠪᠤᠯᠭᠠᠨ ᠰᠡᠳᠬᠢᠳᠡᠭ ᠦᠭᠡᠢ ᠪᠤᠢ︖      2᠄ ᠠᠶᠠᠭ᠎ᠠ ᠬᠡᠷᠡᠭᠯᠡᠬᠦ ᠳᠤᠬᠠᠢ᠃ ᠡᠨᠡᠬᠦ ᠦᠵᠡᠭᠳᠡᠯ ᠤᠳᠤ ᠴᠦᠭᠡᠨ ᠳᠤᠭᠠᠨ ᠤ ᠯᠠᠮ᠎ᠠ ᠬᠤᠸᠠᠷᠠᠭ  ᠎ ᠲᠤ ᠬᠠᠳᠠᠭᠠᠯᠠᠭᠳᠠᠵᠤ ᠪᠠᠶᠢᠭ᠎ᠠ ᠶᠢ ᠭᠠᠷᠭᠠᠪᠠᠯ ᠡᠩ ᠤᠨ ᠮᠤᠩᠭᠤᠯᠴᠤᠳ ᠪᠠᠷᠤᠭ ᠮᠠᠷᠲᠠᠵᠤ ᠤᠷᠬᠢᠵᠠᠢ᠃  ᠮᠤᠩᠭᠤᠯᠴᠤᠳ ᠠᠶᠠᠨ ᠳᠠᠶᠢᠨ ᠬᠢᠬᠦ ᠪᠤᠶᠤ ᠠᠯᠤᠰ ᠭᠠᠵᠠᠷ ᠠᠴᠢᠶᠠᠨ ᠳᠤ ᠮᠤᠷᠳᠠᠬᠤ ᠮᠡᠳᠤ ᠶᠢᠨ ᠶᠠᠪᠤᠳᠠᠯ ᠳᠤ ᠦᠪᠡᠷ ‍ᠤᠨ‌ᠠᠶᠠᠭ᠎ᠠ ᠎ ᠪᠠᠨ ᠡᠪᠦᠷᠳᠦᠯᠡᠵᠦ ᠶᠠᠪᠤᠳᠠᠭ ᠪᠠ ᠭᠡᠷ ᠪᠦᠯᠢ ᠳᠤᠲᠤᠷ᠎ᠠ ᠪᠠᠨ ᠴᠦ ᠭᠡᠨ ᠬᠡᠨ ᠤ ᠠᠶᠠᠭ᠎ᠠ ᠭᠡᠵᠤ ᠬᠤᠪᠢᠶᠠᠷᠢᠯᠠᠳᠠᠭ ᠳᠤᠬᠠᠢ ᠨᠠᠰᠤᠲᠠᠶᠢᠴᠤᠳ ᠶᠠᠷᠢᠬᠤ ᠪᠤᠶᠤ ᠵᠠᠷᠢᠮ ᠨᠤᠮ ᠪᠢᠴᠢᠭ ᠲᠤ ᠬᠠᠶᠠ ᠬᠠᠷᠠᠭᠳᠠᠳᠠᠭ᠃ ᠢᠩᠬᠢᠵᠤ ᠭᠢᠳᠡᠭ ᠤᠨ ᠰᠢᠯᠲᠠᠭᠠᠨ ᠭᠡᠪᠡᠯ ᠠᠶᠠᠭ᠎ᠠ ᠪᠠᠨ ᠬᠤᠪᠢᠨᠴᠢᠯᠠᠬᠤ ᠪᠤᠶᠤ ᠡᠪᠦᠷᠳᠦᠯᠡᠵᠦ ᠶᠠᠪᠤᠬᠤ ᠨᠢ ᠬᠦᠮᠦᠨ ᠠᠮᠢᠲᠠᠨ ᠦᠭᠡᠢ ᠭᠠᠵᠠᠷ ᠤᠴᠢᠯ᠎ᠠ ᠴᠦ ᠭᠡᠰᠡᠨ ᠢᠳᠡᠬᠦ ᠰᠠᠪᠠ ᠦᠭᠡᠢ ᠭᠠᠴᠢᠭᠳᠠᠬᠤ ᠶᠠᠪᠤᠳᠠᠯ ᠪᠠᠶᠢᠳᠠᠭ ᠦᠭᠡᠢ ᠪᠦᠭᠡᠳ ᠪᠠᠴᠢᠮ ᠦᠶ᠎ᠡ ᠬᠤᠭᠤᠯᠯᠠᠬᠤ ᠳᠤ ᠠᠶᠠᠭ᠎ᠠ ᠦᠭᠡᠢ ᠬᠦᠯᠢᠶᠡᠯᠴᠡᠬᠦ ᠶᠠᠪᠤᠳᠠᠯ ᠠᠯᠠᠭ᠎ᠠ ᠪᠠᠶᠢᠳᠠᠭ᠃ ᠨᠡᠩ ᠴᠦ ᠲᠡᠤᠭᠡᠨ ᠠᠴᠠ ᠪᠠᠨ ᠵᠤᠴᠢᠨᠰᠠᠭ ᠪᠦᠬᠡᠳ  ᠨᠡᠷᠡᠯᠬᠡᠩ ᠵᠠᠩᠲᠠᠢ ᠮᠤᠩᠭᠤᠯᠴᠤᠳ ᠬᠤᠪᠢᠳᠠᠭᠰᠠᠨ ᠠᠶᠠᠭ᠎ᠠ ᠠᠴᠠ ᠪᠠᠨ ᠭᠠᠳᠠᠨ᠎ᠠ ᠬᠡᠳᠦᠨ ᠦᠩᠭᠡᠲᠠᠢ ᠦᠷᠲᠡᠭᠲᠠᠢ ᠠᠶᠠᠭ᠎ᠠ ︿ᠠᠶᠠᠭ᠎ᠠ ᠨᠢ ᠦᠩᠭᠡᠷᠡᠭᠰᠡᠨ ᠳᠤ ᠤᠳᠤ ᠶᠢᠨ ᠮᠡᠲᠦ ᠡᠯᠪᠡᠭ ᠪᠢᠰᠢ ᠶᠤᠮ﹀᠎ ᠪᠠᠨ ᠬᠢᠮᠠᠭᠠᠳᠠᠨ ᠨᠡᠷᠡᠲᠠᠢ ᠭᠦᠨᠳᠦᠲᠠᠢ ᠵᠤᠴᠢᠨ ᠳᠤ ᠭᠠᠷᠭᠠᠳᠠᠭ᠃ᠡᠭᠦᠨ ᠢ ᠤᠳᠤ ᠪᠢᠳᠠ ᠨᠠᠷᠢᠪᠴᠢᠯᠠᠨ ᠰᠢᠨᠵᠢᠪᠡᠯ ᠡᠶᠢᠮᠤᠷᠬᠦ ᠠᠶᠠᠭ᠎ᠠ ᠪᠠᠨ ᠡᠪᠦᠷᠳᠦᠯᠡᠵᠦ ᠪᠤᠶᠤ ᠬᠤᠪᠢᠨᠴᠢᠯᠠᠵᠤ ᠭᠡᠷᠡᠭᠯᠡᠬᠦ ᠨᠢ ᠤᠳᠤ ᠶᠢᠨ ᠠᠶᠠᠭ᠎ᠠ ᠬᠤᠯᠢᠴᠠᠯᠳᠠᠭᠤᠯᠤᠨ ᠬᠡᠷᠡᠭᠯᠡᠬᠦ ᠶᠢ ᠪᠤᠳᠤᠪᠠᠯ ᠤᠯᠠᠨ ᠵᠤᠶᠢᠯ ᠤᠨ ᠡᠪᠡᠳᠴᠢᠨ ᠡᠮᠭᠡᠭ ᠬᠠᠯᠳᠠᠪᠤᠷᠢᠯᠠᠬᠤ ᠶᠢ ᠰᠡᠷᠭᠡᠶᠢᠯᠡᠵᠤ ᠴᠢᠳᠠᠬᠤ ᠪᠦᠭᠡᠳ ᠬᠤᠪᠢ ᠳᠤ ᠲᠠᠭᠠᠭᠠᠴᠢᠯᠠᠭᠤᠯᠬᠤ ᠨᠢ ᠬᠦᠮᠦᠨ ᠤ ᠦᠪᠡᠷ ᠤᠨ ᠦᠮᠴᠢᠯᠡᠯ ᠢᠶᠠᠨ ᠬᠠᠶᠢᠷᠠᠯᠠᠵᠤ ᠬᠠᠮᠠᠭᠠᠯᠠᠬᠤ ᠪᠠ ᠭᠦᠭᠵᠢᠭᠦᠯᠬᠦ ᠢᠳᠡᠪᠬᠢᠵᠢᠯ ᠢ ᠳᠠᠶᠢᠴᠢᠯᠠᠬᠤ ᠦᠢᠯᠡᠳᠦᠯ ᠲᠠᠢ ︿ᠬᠡᠤᠭᠡᠳ ᠲᠤ ᠮᠠᠯ ᠨᠡᠷᠡᠴᠢᠯᠡᠨ ᠵᠢᠭᠠᠭᠰᠠᠨ ᠠᠴᠠ ᠦᠪᠡᠷ ᠢᠶᠠᠨ ᠴᠤ ᠳᠡᠮᠡᠢ ᠤᠯᠵᠤ  ᠢᠳᠡᠳᠡᠭ ᠦᠭᠡᠢ ᠰᠢᠬᠢᠷ ᠢᠶᠠᠷ ᠮᠠᠯ ᠢᠶᠠᠨ ᠲᠡᠵᠢᠭᠡᠭᠰᠡᠨ ᠦᠯᠢᠭᠡᠷ ᠤᠯᠠᠨ ᠪᠤᠢ﹀ᠭᠡᠳᠡᠭ ᠢ ᠡᠷᠲᠡ  ᠮᠡᠳᠡᠭᠰᠡᠨ ᠢ ᠬᠠᠷᠠᠭᠤᠯᠤᠭᠰᠠᠨ ᠪᠠᠶᠢᠨ᠎ᠠ᠃      3᠄ ᠬᠦᠷᠦᠰᠦ ᠰᠢᠷᠦᠢ ᠶᠢ ᠬᠠᠮᠠᠭᠠᠯᠠᠬᠤ ᠳᠤᠬᠠᠢ᠃ ᠡᠨᠡᠬᠦ ᠰᠤᠷᠲᠠᠯ ᠨᠢ ᠤᠳᠤ ᠴᠤ ᠭᠡᠰᠡᠨ ᠵᠠᠷᠢᠮ ᠭᠠᠵᠠᠷ ᠬᠦᠨᠳᠦᠳᠭᠡᠭᠳᠡᠵᠤ ᠪᠤᠢ᠂ ᠮᠢᠨᠤ ᠮᠡᠳᠡᠵᠤ ᠪᠠᠶᠢᠬᠤ ᠪᠠᠷ ᠪᠢᠳᠠ ᠪᠠᠭ᠎ᠠ ᠪᠠᠶᠢᠬᠤ ᠳᠤ ᠬᠡᠭᠡᠷ᠎ᠡ ᠭᠠᠷᠴᠤ ᠰᠤᠵᠢᠩ ᠵᠡᠷᠭᠡ ᠤᠷᠭᠤᠮᠠᠯ ᠢ ᠮᠠᠯᠲᠠᠬᠤ ᠳᠤ ᠬᠡᠳᠦᠢ ᠶᠠᠳᠠᠷᠠᠯ᠎ᠠ ᠴᠦ ᠭᠡᠰᠡᠨ ᠨᠦᠬᠡ ᠪᠠᠨ  ᠳᠤᠤᠷ᠎ᠠ ᠨᠢ ᠪᠤᠯᠠᠵᠤ ᠤᠷᠬᠢᠳᠠᠭ ᠪᠠᠶᠢᠭᠰᠠᠨ ᠪᠦᠭᠡᠳ ᠭᠠᠳᠠᠨ᠎ᠠ ᠭᠠᠯ ᠢᠶᠠᠷ ᠨᠠᠭᠠᠳᠬᠤ ᠶᠢ ᠴᠡᠭᠡᠷᠯᠡᠬᠦ᠂ ᠲᠦᠯᠡᠭᠡ ᠲᠡᠭᠦᠬᠦ ᠳᠤ ᠪᠠᠭ᠎ᠠ ᠯᠠ ᠠᠮᠢᠵᠢᠷᠠᠯ ᠤᠨ ᠪᠤᠳᠤᠭ ᠎ ᠲᠠᠢ ᠶᠢ ᠨᠢ ᠭᠦᠡᠳᠡᠳᠡᠭ ᠦᠭᠡᠢ᠂ ᠪᠤᠯᠠᠭ ᠤᠨ ᠡᠬᠢ᠂ ᠤᠷᠤᠰᠦᠮᠠᠯ‌ᠤᠰᠤ  ᠤᠷᠤᠭᠤ ᠰᠢᠭᠡᠬᠦ ᠦᠭᠡᠢ ᠵᠡᠷᠭᠡ ᠳᠠᠳᠭᠠᠯ ᠎ ᠤᠳ ᠪᠠᠶᠢᠭᠰᠠᠨ᠂ ᠪᠠᠰᠠ ᠲᠤᠮᠤᠭᠤᠲᠠᠳ ᠤᠨ ᠬᠡᠯᠡᠭᠰᠡᠨ ᠢ ᠦᠨᠳᠦᠰᠦᠯᠡᠪᠡᠯ ᠪᠠᠭᠤᠵᠤ ᠨᠡᠭᠦᠬᠦ ᠲᠡᠭᠡᠨ ᠭᠡᠷ ᠤᠨ ᠤᠯᠠ‌‍ᠪᠡᠨ ᠱᠦᠬᠦᠷᠳᠡᠵᠦ ᠴᠡᠪᠡᠷᠯᠡᠬᠦ᠂ ᠦᠨᠡᠰᠦ ᠬᠤᠭ ᠢᠶᠠᠨ ᠪᠤᠯᠠᠬᠤ ᠮᠡᠲᠦ ᠵᠠᠩᠰᠢᠯ ᠲᠠᠢ᠃ ᠡᠳᠡᠭᠡᠷ ᠤᠴᠢᠷ ᠨᠢ ᠦᠨᠡᠡᠳᠡᠭᠡᠨ  ᠶᠠᠮᠠᠷ ᠨᠢᠭᠡᠨ ᠰᠦᠵᠢᠭᠯᠡᠯ ᠠᠴᠠ ᠪᠢᠰᠢ ᠬᠠᠷᠢᠨ ᠪᠠᠶᠢᠭᠠᠯᠢ ᠠᠮᠢ ᠠᠬᠤᠢ ᠶᠢ ᠬᠠᠶᠢᠷᠠᠯᠠᠨ ᠬᠠᠮᠠᠭᠠᠯᠠᠬᠤ ᠭᠦᠨ ᠨᠠᠷᠢᠨ ᠤᠳᠬ᠎ᠠ ᠤᠴᠢᠷ ᠠᠴᠠ ᠪᠤᠯᠤᠯ᠎ᠠ ᠭᠡᠳᠡᠭ ᠢ ᠪᠢᠳᠠ ᠮᠡᠳᠡᠬᠦ ᠶᠤᠰᠤᠲᠠᠢ᠃      ᠪᠢᠳᠠ ᠬᠡᠷᠪᠠ ᠪᠠᠭ᠋ᠠᠨ ᠰᠡᠳᠬᠢᠯ ᠲᠠᠯᠪᠢᠵᠤ ᠨᠠᠰᠤᠲᠠᠢ ᠬᠦᠮᠦᠰ ᠢ ᠠᠵᠢᠭᠯᠠᠬᠤ ᠪᠤᠶᠤ ᠲᠡᠳᠡᠨ ᠲᠠᠢ ᠶᠠᠷᠢᠯᠴᠠᠨ ᠤᠬᠤᠴᠢᠯᠠᠪᠠᠯ ᠦᠩᠭᠡᠷᠡᠭᠰᠡᠨ ᠳᠠᠬᠢ ᠮᠠᠨ ᠤ ᠳᠡᠭᠡᠳᠦᠰ ᠤᠨ ᠨᠡᠯᠢᠶᠠᠳ ᠠᠷᠪᠢᠨ‌ᠤᠷᠠᠨ ᠨᠠᠷᠢᠨ ᠰᠢᠨᠵᠢᠯᠡᠬᠦ ᠤᠬᠠᠭᠠᠨᠴᠢ ᠵᠠᠩ ᠳᠠᠳᠭᠠᠯ ᠢ ᠤᠶᠢᠯᠠᠭᠠᠵᠤ ᠮᠡᠳᠡᠵᠤ ᠪᠤᠯᠬᠤ ᠶᠤᠮ᠃ ︿ᠮᠤᠩᠭᠤᠯ ᠬᠡᠷ ᠤᠨ ᠰᠢᠨᠵᠢᠯᠡᠬᠤ ᠤᠬᠠᠭᠠᠨᠴᠢ ᠲᠠᠯ᠎ᠠ ᠮᠡᠳᠤ ᠶᠢᠨ ᠳᠠᠶᠠᠭᠠᠷ ᠲᠤ ᠮᠡᠳᠡᠷᠡᠭᠳᠡᠵᠤ ᠪᠠᠶᠢᠭ᠎ᠠ ᠵᠦᠢᠯ ᠠᠴᠠ ᠭᠠᠳᠠᠨ᠎ᠠ﹀᠃ ᠡᠶᠢᠮᠤ ᠠᠴᠠ ᠪᠢᠳᠠ ᠦᠨᠦᠳᠦᠷ ᠶᠠᠮᠠᠷ ᠰᠤᠶᠤᠯ ᠤᠨ ᠨᠦᠯᠦᠭᠡ ᠶᠢ ᠬᠦᠷᠲᠡᠯ᠎ᠡ ᠴᠦ ᠬᠡᠰᠡᠨ᠂ ᠦᠪᠡᠷ ᠤᠨ ᠦᠨᠳᠦᠰᠦᠲᠡᠨ ᠤ ᠪᠠᠨ ᠰᠤᠳᠤᠨ ᠴᠢᠨᠠᠷ ᠪᠦᠬᠦᠢ ᠵᠠᠩ ᠵᠠᠩᠰᠢᠯ ᠢᠶᠠᠨ ᠰᠤᠳᠦᠯᠤᠨ ᠳᠡᠯᠭᠡᠷᠡᠭᠦᠯᠪᠠᠯ ᠵᠤᠬᠢᠨ᠎ᠠ᠃
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号