ᠲᠡᠭᠡᠳᠣ ᠮᠣᠩᠭᠤᠯᠴᠣᠣᠳ ᠤᠨ ᠴᠠᠭᠠᠨ ᠰᠠᠷ᠎ᠠ ᠪᠠ ᠶᠡᠭᠡ ᠴᠡᠪᠡᠷᠯᠡᠯᠭᠡ
ᠨᠡᠶᠢᠲᠡᠯᠡᠭᠰᠡᠨ ᠴᠠᠭ᠄
2019-05-25
     ᠮᠣᠩᠭᠤᠯ ᠭᠦᠮᠣᠨ ᠪᠣᠯ ᠲᠣᠩ ᠪᠣᠯᠪᠠᠰᠣᠨ ᠦᠠᠳᠣᠰᠣᠳᠠᠨ ᠪᠣᠯᠬᠤ ᠶᠣᠮ᠃ ᠲᠡᠭᠡᠳᠣ ᠮᠣᠩᠭᠤᠯᠴᠣᠣᠳ ᠡᠷᠳᠠᠨ ᠠᠴᠠ ᠪᠡᠨ‌‍ᠴᠠᠭᠠᠨ ᠰᠠᠷ᠎ᠠ ᠦᠢᠷᠠᠳᠣᠬᠤ ᠳᠤ ᠶᠡᠭᠡ ᠭᠡᠮᠵᠢᠶᠠᠨ ᠤ ᠴᠡᠪᠡᠷᠯᠡᠯᠭᠡ ᠭᠢᠳᠡᠭ ᠤᠳᠣᠮᠰᠢᠯ ᠲᠠᠢ ᠪᠡᠶᠢᠪᠠ ᠃ ᠴᠡᠪᠡᠷᠯᠡᠯᠭᠡ ᠳᠤ ᠤᠷᠤᠰᠢᠨ ᠰᠠᠭᠤᠷᠢᠰᠢᠭ᠎ᠠ ᠰᠣᠮᠣ ᠲᠣᠰᠬᠤᠨ ᠢᠶᠠᠷ ᠨᠢᠭᠡᠴᠨ ᠪᠤᠯᠭᠠᠵᠤ᠂ ᠠᠶᠢᠯ ᠪᠣᠯᠭᠠᠨ ᠤ ᠵᠠᠯᠠᠭᠤᠴᠤᠳ ᠢ ᠴᠤᠠᠠᠯᠠᠭᠤᠯᠣᠨ《ᠭᠠᠵᠠᠷ ᠰᠠᠮᠨᠠᠬᠤ》ᠠᠵᠢᠯᠯᠠᠭ᠎ᠠ ᠶᠠᠪᠤᠭᠤᠯᠳᠠᠭ᠃ ᠡᠭᠦᠨ ᠳᠤ ᠨᠣᠳᠤᠭ ᠤᠨ ᠪᠡᠯᠴᠢᠭᠡᠷ ᠲᠡᠭᠡᠷ᠎ᠠ ᠪᠠᠶᠢᠭ᠎ᠠ ᠮᠠᠯ ᠤᠨ ᠦᠭᠦᠳᠡᠯ ᠠᠴᠠ ᠡᠭᠢᠯᠡᠨ ᠬᠤᠷᠠᠭ᠎ᠠ ᠢᠰᠢᠭᠡᠨ ᠤ ᠲᠤᠠᠠᠳᠤ ︵ᠢᠰᠡᠭᠡᠢ ᠪᠠᠷ ᠵᠠᠰᠬᠠᠰᠠᠨ ᠨᠢᠯᠬ᠎ᠠ ᠲᠦᠯ ᠢ ᠪᠤᠭᠤᠬᠤ ᠤᠭᠤᠳᠠ︶ ᠵᠢᠴᠢ ᠬᠤᠷᠠᠭ᠎ᠠ ᠢᠰᠢᠭᠡᠨ ᠤ ᠭᠦᠭᠡᠨ᠎ᠡ᠂ ᠪᠦᠭᠦᠨ ᠢ ᠴᠦᠮ ᠴᠡᠪᠡᠷᠯᠡᠨ ᠴᠣᠠᠠᠯᠠᠭᠤᠯᠵᠤ ᠲᠦᠯᠡᠵᠤ ᠠᠷᠢᠯᠭᠠᠳᠠᠭ᠃ ᠲᠡᠭᠦᠠᠴᠢᠯᠡᠨ ᠠᠶᠢᠯ ᠪᠤᠯᠭᠠᠨ ᠮᠠᠯ ᠤᠨ ᠬᠠᠰᠢᠶ᠎ᠠ ᠰᠠᠷᠠᠪᠴᠢ᠂ ᠭᠡᠷ ᠤᠨ ᠬᠠᠪᠢ ᠳᠠᠬᠢ ᠤᠷᠴᠢᠨ ᠲᠤᠭᠤᠷᠢᠨ ᠤ ᠴᠡᠪᠡᠷᠯᠡᠯᠭᠡ ᠶᠢ ᠶᠡᠭᠡ ᠯᠠ ᠭᠦᠠᠳᠤᠳᠭᠡᠨ ᠭᠦᠢᠴᠡᠳᠭᠡᠳᠡᠭ ᠪᠡᠶᠢᠨ᠎ᠠ᠃ ᠡᠭᠦᠨ ᠎ ᠳᠤ ᠮᠠᠯ ᠤᠨ ᠬᠠᠰᠢᠶ᠎ᠠ ᠰᠠᠷᠠᠪᠴᠢᠨ ᠳᠤ ᠪᠠᠶᠢᠭ᠎ᠠ ᠨᠤᠤᠰᠤ ᠭᠢᠯᠭᠠᠰᠤ᠂ ᠬᠤᠭ ᠨᠣᠪᠰᠢ ᠵᠢᠴᠢ ᠮᠠᠯ ᠤᠨ ᠰᠡᠯᠡᠭᠡ ︵ᠮᠠᠯ ᠤᠨ ᠭᠡᠪᠡᠯᠢ ᠳᠠᠬᠢ ᠭᠡᠷ︶᠂ ᠮᠠᠯ ᠤᠨ ᠰᠡᠭ ᠪᠦᠭᠦᠨ ᠢ ᠴᠦᠮ ᠴᠡᠪᠠᠷᠯᠠᠨ᠎ᠠ᠃      ᠭᠡᠷ ᠤᠨ ᠭᠠᠳᠠᠨᠠᠭᠢ ᠡᠷᠭᠡᠨ ᠲᠤᠭᠤᠷᠢᠨ ᠤ ᠦᠨᠠᠰᠤ᠂ ᠪᠤᠭ ᠎ ᠶᠢᠨ ᠪᠣᠯᠠᠵᠣ ᠴᠡᠪᠡᠷᠯᠠᠨ᠂ ᠪᠤᠳᠠ ᠮᠠᠯ ᠤᠨ ᠤᠶᠠᠭ᠎ᠠ ᠠᠴᠠ ᠢᠰᠡᠭᠡᠢ ᠨᠤᠤᠰᠤᠨ ᠤ ᠦᠭᠡᠳᠡᠰᠤ ᠭᠦᠷᠲᠠᠯ᠎ᠠ ᠴᠦᠮ ᠴᠡᠪᠡᠷᠯᠠᠵᠣ ᠠᠷᠢᠯᠭᠠᠳᠠᠭ ᠪᠠᠶᠢᠨ᠎ᠠ᠃ ᠭᠡᠷ ᠤᠨ ᠲᠤᠳᠣᠨ᠎ᠠ ᠠᠴᠠ ᠮᠣᠩᠭᠤᠯ ᠭᠡᠷ ᠤᠨ ᠬᠠᠷᠠᠭᠠᠴᠠ ᠤᠨᠢ ᠠᠴᠠ ᠡᠭᠢᠯᠡᠨ ᠲᠡᠭᠡᠪᠤᠷᠢ ᠲᠤᠭᠤᠷᠭ᠎ᠠ ᠭᠦᠷᠳᠡᠯ᠎ᠠ ᠴᠦᠮ ᠴᠡᠪᠡᠷᠯᠠᠳᠠᠭ ᠵᠠᠩᠰᠢᠯ ᠲᠠᠢ᠃ ᠠᠪᠳᠠᠷ᠎ᠠ ᠦᠭᠦᠭ ᠎ ᠤᠨ ᠲᠤᠳᠣᠷᠠᠭᠢ ᠶᠠᠭᠤᠮ᠎ᠠ ᠪᠠᠨ ᠠᠭᠤᠳᠠᠯᠠᠨ ︿︿ᠬᠠᠷ᠎ᠠ ᠠᠪᠳᠠᠷ᠎ᠠ ᠶᠢᠨ ᠢᠷᠤᠭᠠᠯ ᠭᠠᠷᠭᠠᠵᠣ ᠪᠤᠢ﹀﹀ ᠭᠡᠮᠡᠨ ᠭᠦᠪᠪᠤᠵᠣ ᠴᠡᠪᠠᠷᠯᠡᠳᠠᠭ᠃ ᠬᠤᠪᠢ ᠪᠡᠶ᠎ᠠ ᠠᠴᠠ ᠲᠣᠯᠣᠭᠠᠢ ᠭᠦᠯ ᠢᠶᠠᠨ ᠤᠭᠢᠶᠠᠨ ᠴᠡᠪᠡᠷᠯᠡᠵᠤ᠂ ᠬᠠᠮᠤᠭ ᠰᠢᠨ᠎ᠡ ᠬᠤᠪᠴᠠᠰᠣ ᠪᠠᠨ ᠡᠮᠣᠰᠴᠣ ᠴᠠᠭᠠᠨ ᠰᠠᠷ᠎ᠠ ᠪᠠᠨ ᠤᠠᠠᠳᠣᠳᠠᠭ ᠪᠡᠶᠢᠨ᠎ᠠ᠃ ᠨᠢᠭᠡ ᠯᠠ ᠦᠭᠡ ᠪᠠᠷ ᠭᠡᠯᠡᠪᠠᠯ ᠶᠠᠭᠤ ᠪᠦᠭᠦᠨ ᠶᠢ ᠰᠢᠨ᠎ᠠ ᠪᠠᠷ ᠪᠠᠶᠢᠯᠭᠠᠬᠤ ᠭᠡᠭᠦ ᠦᠢᠯᠨ ᠪᠤᠳᠤᠯ ᠨᠢ ᠲᠡᠭᠡᠳᠤ ᠮᠣᠩᠭᠤᠯᠴᠤᠳ ᠤᠨ ᠴᠠᠭᠠᠨ ᠰᠠᠷ᠎ᠠ ᠶᠢᠨ ᠪᠡᠯᠭᠡ ᠲᠡᠮᠳᠡᠭ ᠪᠤᠯᠤᠠᠠᠰᠠᠨ ᠪᠠᠶᠢᠳᠠᠭ᠃      ᠪᠣᠯᠪᠠᠰᠤᠨ ᠨᠡᠶᠢᠭᠡᠮ ᠤᠨ ᠭᠦᠭᠵᠢᠯᠳᠠ ᠶᠢ ᠲᠠᠭᠠᠯᠳᠤᠨ ᠲᠡᠭᠡᠳᠤ ᠮᠣᠩᠭᠤᠯᠴᠤᠳ ᠤᠨ ᠤᠳᠤᠮᠰᠢᠯᠳᠣ ᠴᠠᠭᠠᠨ ᠰᠠᠷ᠎ᠠ ᠶᠢᠨ ᠪᠤᠯᠪᠠᠰᠣᠨ ᠵᠠᠩᠰᠢᠯ ᠤᠯᠠᠮ ᠲᠡᠭᠦᠯᠳᠡᠷᠵᠢᠵᠤ᠂ ᠭᠦᠮᠣᠨ ᠪᠡ ᠪᠠᠶᠢᠭᠠᠯᠢ ᠡᠶᠠᠯᠳᠣᠠᠠᠰᠠᠨ ᠰᠢᠨ᠎ᠠ ᠠᠬᠤᠢ ᠳᠤ ᠨᠡᠩ ᠵᠤᠭᠢᠴᠠᠵᠤ ᠶᠠᠪᠤᠨ᠎ᠠ᠃
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号