ᠪᠤᠷᠭᠠᠰᠤ ᠬᠠᠳᠤᠬᠤ ᠵᠠᠩᠰᠢᠯ
ᠨᠡᠶᠢᠲᠡᠯᠡᠭᠰᠡᠨ ᠴᠠᠭ᠄
2019-05-03
     ᠪᠤᠷᠭᠠᠰᠤ ᠪᠤᠯ ᠨᠠᠷᠢᠨ ᠨᠠᠪᠴᠢ ᠲᠠᠢ᠂ ᠭᠤᠯᠵᠠᠭᠠᠷ ᠤᠶᠠᠬᠠᠨ ᠮᠦᠴᠢᠷ ᠲᠠᠢ᠂ ᠤᠳᠠ ᠤᠯᠢᠶᠠᠰᠤᠨ ᠤ ᠢᠵᠠᠭᠤᠷ ᠶᠢᠨ ᠨᠢᠬᠡᠨ ᠵᠤᠶᠢᠯ ᠤᠨ ᠪᠤᠳᠠᠯᠠᠨ ᠤᠷᠭᠤᠳᠠᠭ᠂ ᠤᠯᠠᠨ ᠨᠠᠰᠤᠳᠤ ᠨᠠᠪᠴᠢ ᠵᠤᠯᠭᠠᠷᠠᠬᠤ ᠲᠤᠷᠤᠭ ᠮᠤᠳᠤ ᠶᠤᠮ᠃ ᠭᠤᠤᠯᠳᠠᠭᠤ ᠡᠯᠡᠰᠤ ᠮᠠᠩᠬᠠᠨ ᠭᠠᠵᠠᠷ ᠲᠤ ᠤᠷᠭᠤᠳᠠᠭ ᠪᠦᠬᠡᠳ ᠭᠠᠩ ᠳᠤ ᠲᠠᠭᠠᠭᠠᠴᠠ ᠲᠠᠢ᠃ ᠪᠤᠷᠭᠠᠰᠤ ᠎ ᠶᠢ ᠦᠩᠬᠡ ᠪᠠᠷ ᠨᠢ ᠰᠢᠷ᠎ᠠ ᠪᠤᠷᠭᠠᠰᠤ᠂ ᠴᠠᠭᠠᠨ ᠪᠤᠷᠭᠠᠰᠤ᠂ ᠪᠤᠷᠤ ᠪᠤᠷᠭᠠᠰᠤ ᠬᠡᠵᠦ ᠬᠤᠪᠢᠶᠡᠳᠠᠭ᠃      ᠪᠤᠷᠭᠠᠰᠤ ᠪᠠᠷ ᠲᠦᠯᠡᠰᠢ ᠬᠢᠵᠦ ᠪᠤᠯᠬᠤ ᠠᠴᠠ ᠭᠠᠳᠠᠨ᠎ᠠ ᠬᠠᠰᠢᠶ᠎ᠠ ᠬᠦᠷᠢᠶ᠎ᠡ ᠪᠠᠷᠢᠬᠤ᠂ ᠫᠧᠩ ᠰᠠᠷᠠᠪᠴᠢ ᠲᠠᠷᠤᠬᠤ᠂ ᠬᠠᠳᠤᠭᠤᠷ ᠬᠦᠷᠵᠡᠨ ᠡᠰᠢ ᠬᠢᠬᠦ᠂ ᠰᠢᠪᠡᠭᠡ ᠵᠠᠮᠪᠡ ᠬᠢᠬᠡᠳ ᠠᠷᠤᠭ ᠮᠡᠳᠤ ᠶᠢᠨ ᠬᠦᠷᠦᠮᠡᠯ ᠬᠦᠷᠦᠳᠡᠭ ᠎ ᠠᠴᠠ ᠭᠠᠳᠠᠨ᠎ᠠ ᠪᠤᠷᠴᠠᠭ᠂ ᠦᠷᠬᠡᠰᠤᠳᠤ ᠬᠡᠮᠬᠡ ᠶᠢᠨ ᠵᠢᠶᠠᠽᠠ ᠪᠤᠯᠭᠠᠬᠤ ᠵᠡᠷᠬᠡ ᠪᠠᠷ ᠦᠷᠬᠡᠨ ᠬᠡᠷᠡᠭᠰᠡᠳᠡᠭ᠃ ᠪᠤᠷᠭᠠᠰᠤ ᠶᠢ ᠨᠠᠮᠤᠷ ᠶᠢᠨ ᠰᠡᠬᠦᠯᠴᠢ᠂ ᠡᠪᠤᠯ᠂ ᠬᠠᠪᠤᠷ ᠤᠨ ᠡᠬᠢ ᠪᠠᠷ ᠬᠠᠳᠤᠳᠠᠭ᠃ ᠡᠩ ᠤᠨ ᠦᠶ᠎ᠡ ᠳᠤ ᠬᠡᠷᠡᠭᠴᠡᠭᠡ ᠪᠠᠨ ᠦᠨᠳᠤᠰᠤᠯᠡᠨ ᠰᠤᠩᠭᠤᠨ ᠬᠠᠳᠤᠳᠠᠭ ᠠᠴᠠ ᠪᠢᠰᠢ ᠭᠠᠷ ᠲᠤ ᠦᠷᠳᠦᠭᠰᠨᠨ ᠪᠦᠬᠦᠳᠡ ᠶᠢ ᠰᠠᠶᠢᠨ ᠮᠠᠭᠤ᠂ ᠵᠠᠯᠠᠭᠤ ᠬᠦᠭᠰᠢᠨ ᠬᠡᠵᠦ ᠢᠯᠭᠠᠯ ᠦᠬᠡᠢ ᠲᠠᠷᠤᠨ ᠬᠠᠳᠤᠳᠠᠭ ᠵᠠᠩ ᠦᠬᠡᠢ᠃ ᠲᠦᠯᠡᠰᠢ ᠬᠢᠬᠦ ᠳᠤ ᠬᠠᠳᠠᠵᠦ ᠬᠤᠪᠠᠭ᠋ᠠᠶᠢᠷᠠᠭᠰᠨᠨ᠂ ᠬᠦᠭᠰᠢᠷᠡᠭᠰᠨᠨ ᠶᠢ ᠨᠢ᠃ ᠬᠠᠰᠢᠶ᠎ᠠ ᠬᠦᠷᠢᠶ᠎ᠡ ᠪᠠᠷᠢᠬᠤ ᠳᠤ ᠪᠦᠳᠤᠬᠦᠪᠳᠦᠷ᠂ ᠰᠠᠬᠤᠯᠠᠭ ᠦᠨᠳᠦᠷ ᠰᠢᠭ ᠶᠢ ᠨᠢ᠃ ᠠᠷᠤᠭ ᠬᠦᠷᠦᠬᠦ ᠳᠤ ᠨᠠᠷᠢᠨ ᠨᠠᠶᠢᠯᠵᠠᠭᠤᠷ ᠶᠢ ᠨᠢ᠃ ᠵᠠᠮᠪᠠ ᠬᠦᠷᠦᠬᠦ ᠪᠤᠶᠤ ᠠᠳᠠᠷ ᠬᠢᠬᠦ ᠳᠤ ᠵᠠᠷᠤᠬᠤ  ᠨᠤᠭᠤᠰᠤ᠂ ᠬᠦᠷᠦᠮᠡᠯ ᠢᠶᠠᠨ ᠰᠢᠯᠤᠭᠤᠬᠠᠨ᠂ ᠨᠠᠷᠢᠪᠳᠤᠷᠬᠠᠨ ᠵᠠᠯᠠᠭᠤ᠂ ᠦᠨᠳᠦᠷ ᠶᠢ ᠨᠢ ᠲᠤᠰ ᠲᠤᠰ ᠰᠤᠩᠭᠤᠨ ᠬᠠᠳᠤᠳᠠᠭ᠃ ᠪᠤᠷᠭᠠᠰᠤ ᠬᠦᠭᠰᠢᠷᠡᠪᠡᠯ ᠠᠶᠠᠨᠳᠠᠭᠠᠨ ᠬᠠᠳᠠᠨ ᠬᠤᠪᠠᠭ᠋ᠠᠶᠢᠷᠠᠵᠦ ᠰᠢᠨ᠎ᠠ ᠪᠤᠷᠭᠠᠰᠤᠨ ᠤ ᠤᠷᠭᠤᠯᠳᠠ ᠶᠢ ᠨᠦᠯᠦᠬᠡᠯᠡᠳᠡᠭ ᠠᠴᠠ ᠲᠠᠷᠤᠶᠢᠬᠠᠨ ᠬᠠᠳᠤᠳᠠᠭ᠃ ᠪᠤᠷᠭᠠᠰᠤ ᠶᠢ ᠠᠳᠠᠭ ᠲᠠᠭᠠᠨ3 —5 ᠵᠢᠯ ᠲᠤᠳᠤᠷ᠎ᠠ ᠨᠢᠬᠡ ᠤᠳᠠᠭ᠎ᠠ ᠬᠠᠳᠤᠪᠠᠯ ᠬᠠᠮᠤᠭ ᠲᠤᠬᠢᠷᠠᠮᠵᠢᠳᠠᠢ᠃ ᠪᠤᠷᠭᠠᠰᠤ ᠭᠤᠤᠯᠳᠠᠭᠤ ᠦᠨᠳᠤᠰᠤ᠂ ᠦᠷ᠎ᠡ ᠪᠠᠷ ᠦᠷᠡᠵᠢᠳᠡᠭ ᠠᠴᠠ ᠲᠡᠬᠦᠨ ᠤ ᠬᠡᠪ ᠤᠨ ᠦᠷᠡᠵᠢᠵᠦ ᠤᠷᠭᠤᠬᠤ ᠶᠢ ᠠᠩᠬᠠᠷᠴᠦ ᠪᠤᠷᠭᠠᠰᠤ ᠬᠠᠳᠤᠬᠤ ᠳᠠᠭᠠᠨ ᠦᠨᠳᠦᠰᠤ ᠶᠢ ᠬᠡᠮᠳᠦᠬᠡᠬᠦ ᠠᠴᠠ ᠬᠢᠴᠢᠶᠡᠨ ᠭᠠᠵᠠᠷ ᠠᠴᠠ ᠬᠤᠶᠠᠷ ᠬᠤᠷᠤᠭᠤ ᠬᠢᠷᠢ ᠲᠡᠬᠡᠬᠦᠷ ᠬᠠᠳᠤᠳᠠᠭ᠃ ᠪᠤᠷᠭᠠᠰᠤ ᠎ ᠶᠢ ᠮᠦᠴᠢᠷᠯᠡᠨ ᠨᠡᠪᠴᠢᠯᠠᠬᠤ ᠦᠶ᠎ᠡ ᠳᠤ ᠤᠨᠴᠠ ᠪᠠᠴᠢᠮ ᠬᠡᠷᠡᠭᠴᠡᠭᠡ ᠦᠬᠡᠢ ᠪᠤᠯ ᠬᠠᠳᠤᠬᠤ ᠶᠢ ᠴᠡᠬᠡᠷᠯᠡᠳᠡᠭ᠃      ᠡᠨᠡ ᠪᠦᠬᠦᠨ ᠨᠢ ᠮᠠᠯᠴᠢᠳ ᠤᠨ ᠡᠬᠡ ᠪᠠᠶᠢᠭᠠᠯᠢ ᠪᠠᠨ ᠬᠠᠶᠢᠷᠠᠯᠠᠵᠦ᠂ ᠠᠮᠢᠳᠠᠨ ᠤᠷᠭᠤᠮᠠᠯ ᠢ ᠬᠠᠶᠢᠷᠠᠯᠠᠵᠦ᠂ ᠬᠦᠮᠦᠨ ᠪᠠᠶᠢᠭᠠᠯᠢ ᠡᠶ᠎ᠡ ᠵᠤᠬᠢᠴᠡᠨ ᠤᠷᠤᠰᠢᠬᠤ ᠶᠢᠨ ᠡᠷᠳᠡ ᠢᠵᠠᠭᠤᠷ ᠤᠨ ᠬᠢᠨᠢ ᠤᠯᠠᠮᠵᠢᠯᠠᠯ ᠪᠠᠶᠢᠬᠤ ᠳ᠋ᠡ᠃
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号