ᠵᠠᠩᠵᠤᠨ ᠱᠤᠪᠤᠭᠤᠷ ᠮᠠᠯᠠᠭᠠᠢ
ᠨᠡᠶᠢᠲᠡᠯᠡᠭᠰᠡᠨ ᠴᠠᠭ᠄
2019-05-30
     ᠵᠠᠩᠵᠤᠨ ᠱᠤᠪᠤᠭᠤᠷ ᠮᠠᠯᠠᠭᠠᠢ      ᠬᠤᠯᠤᠪᠴᠢᠨ ᠮᠠᠯᠠᠭᠠᠢ ︵ᠪᠦᠴᠡᠯᠡᠬᠦᠷ︶ ᠴᠠᠬᠠᠷᠴᠤᠳ ᠤᠨ ᠡᠷᠳᠠᠨ ᠤ ᠡᠳ᠋ᠯᠡᠭᠡ ᠮᠦᠨ ᠪᠦᠭᠡᠳ ᠡᠬᠦᠨ ᠤ ᠲᠠᠷᠠᠭᠠᠬᠠᠨ ᠡᠷᠡᠭᠳᠠᠢ ᠡᠮᠡᠭᠳᠠᠢ ᠬᠡᠵᠤ ᠢᠯᠭᠠᠯ ᠦᠭᠡᠢ ᠵᠠᠩᠵᠤᠨ ᠱᠤᠪᠤᠭᠤᠷ ᠮᠠᠯᠠᠭᠠᠢ ᠶᠢ ᠨᠠᠶᠢᠳᠠᠮ ᠡᠳ᠋ᠯᠠᠨ ᠬᠡᠷᠡᠭᠯᠡᠬᠦ ᠪᠤᠯᠵᠠᠢ᠃ ᠡᠷᠡᠭᠳᠠᠢ ᠬᠦᠮᠦᠨ ᠤ ᠮᠠᠯᠠᠭᠠᠢ ᠨᠢ ᠡᠮᠡᠭᠳᠠᠢ ᠬᠦᠮᠦᠨ ᠤ ᠮᠠᠯᠠᠭᠠᠢ ᠶᠢ ᠪᠤᠳᠤᠪᠠᠯ ᠤᠷᠤᠢ ᠨᠢ ᠵᠢᠭᠠᠬᠠᠨ ᠪᠤᠭᠤᠨᠢ ᠰᠢᠭ᠋ ᠪᠠᠶᠢᠳᠠᠯ ᠲᠠᠢ᠃ ᠮᠠᠯᠠᠭᠠᠢ ᠶᠢᠨ ᠤᠷᠤᠢ ᠨᠢ ᠲᠡᠶᠢᠮᠤ ᠠᠶᠢᠬᠤᠪᠳᠤᠷ ᠱᠤᠷᠤᠩ ᠪᠢᠰᠢ᠃ ᠤᠷᠤᠢ ᠶᠢᠨ ᠦᠵᠦᠬᠦᠷ ᠲᠡᠭᠡᠷ᠎ᠡ ᠤᠯᠠᠭᠠᠨ ᠦᠩᠭᠡ ᠶᠢᠨ ᠲᠠᠪ ᠲᠠᠢ᠂ ᠲᠡᠪ ᠤᠨ ᠲᠡᠭᠡᠷ᠎ᠡ ᠬᠦᠷᠦᠮᠠᠯ ᠤᠯᠠᠭᠠᠨ ᠤᠳᠠᠰᠤ ᠪᠠᠷ ᠵᠠᠩᠬᠢᠳᠤᠭᠰᠠᠨ ᠲᠤᠪᠴᠢ ᠲᠠᠢ᠂ ᠲᠡᠪ ᠤᠨ ᠲᠤᠤᠷ᠎ᠠ ᠨᠢ ᠤᠯᠠᠭᠠᠨ ᠦᠩᠭᠡ ᠶᠢᠨ ᠲᠠᠷᠤᠮᠠᠯ ᠤᠳᠠᠰᠤᠨ ᠰᠠᠴᠤᠭ ︵ᠵᠠᠯᠠᠭ᠎ᠠ︶ ᠠᠷᠤ ᠦᠭᠡᠳᠠ ᠪᠠᠨ ᠤᠨᠵᠠᠶᠢᠭᠰᠠᠨ ᠪᠠᠶᠢᠳᠠᠭ᠃ ᠮᠠᠯᠠᠭᠠᠢ ᠶᠢᠨ ᠠᠷᠤ ᠠᠴᠠ ᠤᠯᠠᠭᠠᠨ ᠦᠩᠭᠡ ᠶᠢᠨ ᠬᠤᠶᠠᠷ ᠪᠦᠴᠡ ᠲᠤᠷᠤᠭᠰᠢ ᠲᠠᠯᠤ ᠮᠦᠷᠦ ᠬᠦᠷᠳᠠᠯ᠎ᠠ ᠪᠠᠨ ᠤᠨᠵᠢᠭᠤᠯᠳᠠᠭ᠃ ᠮᠠᠯᠠᠭᠠᠢ ᠶᠢᠨ ᠦᠨᠳᠦᠷ ᠨᠢ ᠪᠠᠷᠤᠭ ᠨᠢᠭᠡ ᠲᠤᠬᠤᠢ ᠬᠢᠷᠢᠳᠠᠢ ᠪᠠᠶᠢᠳᠠᠭ᠃ ᠮᠠᠯᠠᠭᠠᠢ ᠶᠢᠨ ᠡᠮᠦᠨ᠎ᠡ ᠠᠴᠠ ᠴᠢᠬᠢᠨ ᠤ ᠠᠷᠤ ᠬᠦᠷᠳᠡᠯᠡᠬᠢ ᠲᠡᠭᠡᠭᠰᠢ ᠰᠡᠬᠦᠭᠰᠡᠨ ᠬᠠᠪᠢᠰᠤ ︵ᠰᠠᠷᠠᠪᠴᠢ︶᠎ ᠲᠠᠢ᠂ ᠦᠷᠭᠡᠨ ᠨᠢ 5-10 cm᠂ ᠬᠦᠢᠳᠠᠨ ᠳᠤ ᠲᠤᠷᠤᠭᠰᠢ ᠪᠠᠭᠤᠯᠭᠠᠪᠠᠯ ᠡᠷᠡᠤ ᠬᠦᠷᠬᠦ ᠬᠠᠪᠢᠰᠤᠨ ᠪᠦᠴᠡᠯᠡᠬᠦᠷ ᠲᠠᠢ᠃ ᠮᠠᠯᠠᠭᠠᠢ ᠶᠢᠨ ᠤᠷᠤᠢ ᠶᠢ ᠡᠪᠤᠯ ᠤᠨ ᠬᠢ ᠪᠤᠯ ᠬᠦᠪᠦᠩ ᠲᠠᠯᠪᠢᠵᠤ ᠵᠤᠵᠠᠭᠠᠨ ᠰᠢᠷᠢᠵᠤ᠂ ᠵᠤᠨ ᠤ ᠬᠢ ᠪᠤᠯ ᠪᠠᠭ᠎ᠠ ᠰᠠᠭ᠎ᠠ ᠴᠠᠪᠤᠭ ᠲᠠᠢ ᠬᠡᠳᠦᠨ ᠲᠠᠪᠬᠤᠷ ᠪᠦᠰ ᠢ ᠰᠢᠷᠢᠳᠡᠭ ᠪᠠᠶᠢᠵᠠᠢ᠃ ᠡᠬᠦᠨ ᠤ ᠬᠠᠶᠠᠭᠠᠪᠴᠢ ︵ᠰᠠᠷᠠᠪᠴᠢ︶᠎ ᠶᠢ ᠡᠪᠤᠯ ᠬᠠᠪᠤᠷ ᠤᠨ ᠮᠠᠯᠠᠭᠠᠢ ᠪᠤᠯ ᠨᠠᠷᠢᠨ ᠬᠤᠪᠤᠷ ᠦᠰᠦ ᠪᠤᠶᠤ ᠬᠤᠷᠠᠭᠠᠨ ᠤ ᠠᠷᠠᠰᠤ ᠪᠠᠷ ᠭᠠᠳᠠᠷᠯᠠᠵᠤ᠂ ᠵᠤᠨ᠂ ᠨᠠᠮᠤᠷ ᠤᠨ ᠬᠢ ᠪᠤᠯ ᠡᠯᠳᠡᠪ ᠵᠦᠢᠯ ᠤᠨ ᠪᠦᠰ ᠢᠶᠠᠷ ᠭᠠᠳᠠᠷᠯᠠᠳᠠᠭ᠃      ᠬᠠᠪᠢᠰᠦ ᠮᠠᠯᠠᠭᠠᠢ      ᠲᠦᠬᠦᠷᠢᠭ ᠬᠡᠯᠪᠡᠷᠢ ᠶᠢᠨ ᠪᠤᠭᠤᠨᠢ ᠤᠷᠤᠢ ᠲᠠᠢ ᠪᠠᠭ᠎ᠠ ᠰᠢᠭ᠋ ᠲᠤᠪᠴᠢ ᠲᠠᠢ ᠲᠤᠭᠤᠷᠢᠭᠠᠳ ᠲᠦᠬᠦᠷᠡᠩ ᠰᠠᠷᠠᠪᠴᠢ ᠲᠠᠢ᠂ ᠭᠤᠤᠯᠳᠠᠭᠤ ᠡᠷᠡᠭᠳᠡᠶᠢᠴᠤᠳ ᠤᠨ ᠬᠠᠪᠤᠷ ᠨᠠᠮᠤᠷ ᠵᠡᠬᠦᠳᠡᠭ ᠮᠡᠯᠠᠭᠠᠢ ᠪᠤᠯᠤᠨ᠎ᠡ᠃ ᠡᠬᠦᠨ ᠳᠤ ᠵᠠᠷᠢᠮ ᠮᠠᠯᠭᠠᠢ ᠨᠢ ᠪᠠᠰᠠ ᠪᠤᠭᠤᠨᠢ ᠰᠢᠭ᠋ ᠤᠯᠠᠭᠠᠨ ᠵᠠᠯᠠᠭ᠎ᠠ ᠶᠢ ᠠᠷᠤ ᠦᠭᠡᠳᠠ ᠨᠢ ᠤᠨᠵᠢᠭᠤᠯᠤᠭᠰᠠᠨ ᠪᠠᠶᠢᠳᠠᠭ᠃ ᠨᠠᠮᠤᠷ ᠬᠠᠪᠤᠷ ᠰᠡᠷᠢᠬᠦᠨ ᠴᠠᠭ ᠳᠤ ᠡᠮᠦᠰᠬᠦ ᠳᠡᠭᠡᠨ ᠠᠯᠢ ᠵᠦᠭ ᠠᠴᠠ ᠵᠢᠪᠠᠷ ᠲᠠᠢ ᠪᠤᠯ ᠲᠡᠷᠡ ᠲᠠᠯ᠎ᠠ ᠶᠢᠨ ᠰᠠᠷᠠᠪᠴᠢ ᠪᠠᠨ ᠲᠤᠷᠤᠭᠰᠢ ᠲᠠᠷᠤᠵᠤ ᠴᠢᠬᠢ ᠪᠠᠨ ᠪᠦᠭᠯᠡᠭᠡᠳ ᠶᠠᠪᠤᠳᠠᠭ᠃      ᠲᠤᠭᠤᠷᠴᠤᠭ ᠮᠠᠯᠠᠭᠠᠢ      ᠴᠢᠩ ᠤᠯᠤᠰ ᠤᠨ ᠰᠡᠬᠦᠯᠴᠢ ᠠᠴᠠ ᠡᠬᠢᠯᠡᠵᠤ ᠮᠢᠩᠭ᠎ᠠ ᠶᠢᠰᠦᠨ ᠵᠠᠭᠤ ᠲᠠᠪᠢᠭᠠᠳ ᠤᠨ ᠤ ᠦᠶ᠎ᠠ ᠬᠦᠷᠳᠡᠯ᠎ᠠ ᠡᠨᠡ ᠮᠠᠯᠠᠭᠠᠢ ᠴᠠᠬᠠᠷ ᠨᠤᠳᠤᠭ ᠲᠤ ᠶᠡᠭᠡ ᠪᠠᠷ ᠲᠡᠯᠭᠡᠷᠡᠪᠡ᠃ ᠡᠨᠡ ᠮᠠᠯᠠᠭᠠᠢ ᠨᠢ ᠵᠢᠷᠭᠤᠭᠠᠨ ᠬᠡᠰᠡᠭ ᠵᠦᠢᠳᠡᠰᠦ ᠪᠠᠷ ᠪᠦᠳᠦᠭᠡᠭᠰᠡᠨ ᠪᠦᠮᠪᠤᠷᠭᠡᠨ ᠤᠷᠤᠢ ᠲᠠᠢ ᠮᠠᠯᠠᠭᠠᠢ ᠪᠠᠶᠢᠪᠠ᠃ ᠤᠷᠤᠢ ᠲᠡᠭᠡᠷ᠎ᠡ ᠨᠢ ᠪᠠᠰᠠ ᠤᠯᠠᠭᠠᠨ ᠲᠤᠪᠴᠢ ᠲᠠᠢ᠃ ᠡᠷᠡᠭᠳᠠᠢ ᠡᠮᠡᠭᠳᠠᠢ ᠢᠯᠭᠠᠯ ᠦᠭᠡᠢ ᠡᠮᠦᠰᠳᠡᠭ᠃      ᠬᠠᠪᠴᠢᠭ ᠮᠠᠯᠠᠭᠠᠢ      ᠲᠦᠬᠦᠷᠢᠭ ᠤᠷᠤᠢ ᠲᠠᠢ ᠪᠦᠭᠡᠳ ᠠᠷᠪᠠᠨ ᠰᠠᠨᠲ᠋ᠢᠮᠧᠲ᠋ᠧᠷ ᠬᠢᠷᠢᠳᠠᠢ ᠲᠡᠭᠡᠭᠰᠢ ᠡᠷᠬᠢᠬᠦᠯᠦᠭᠰᠡᠨ ᠰᠠᠷᠠᠪᠴᠢ ᠲᠠᠢ᠂ ᠡᠨᠡ ᠮᠠᠯᠠᠭᠠᠢ ᠶᠢ ᠭᠤᠤᠯᠳᠠᠭᠤ ᠬᠦᠢᠳᠠᠨ ᠰᠡᠷᠢᠬᠦᠨ ᠴᠠᠭ ᠲᠤ ᠡᠮᠦᠰᠬᠦ ᠲᠤᠯᠠ ᠰᠠᠷᠠᠪᠴᠢ ᠶᠢ ᠡᠯᠳᠡᠪ ᠨᠠᠷᠢᠨ ᠦᠰᠦ ᠎ ᠪᠠᠷ ᠤᠶᠢᠯᠡᠳᠦᠭᠰᠡᠨ ᠪᠠᠶᠢᠳᠠᠭ ᠪᠦᠭᠡᠳ ᠡᠨᠡ ᠮᠠᠯᠠᠭᠠᠢ ᠶᠢ ᠨᠠᠰᠤᠳᠠᠨ ᠲᠤᠮᠤᠭᠠᠳᠠᠨ ᠨᠠᠷ ᠡᠳ᠋ᠯᠡᠵᠤ᠂ ᠵᠠᠯᠠᠭᠤᠴᠤᠳ ᠲᠡᠮᠡᠢ ᠡᠮᠦᠰᠳᠡᠭ ᠦᠭᠡᠢ᠃
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号