ᠠᠶᠢᠯ ᠪᠤᠯᠭᠠᠨ ᠳᠤ ᠠᠵᠠ ᠵᠢᠷᠭᠠᠯ ᠪᠤᠢ
ᠨᠡᠶᠢᠲᠡᠯᠡᠭᠰᠡᠨ ᠴᠠᠭ᠄
2020/11/15
                                                                ᠳᠠᠭᠤᠳᠠᠭᠠᠴᠢ ᠡᠩᠭᠡᠭ᠌ᠳᠠ        ︽ᠠᠵᠠ ᠵᠢᠷᠭᠠᠯ ᠲᠠᠢ ᠪᠠᠶᠢᠬᠤ ᠶᠢᠨ ᠨᠢᠭᠤᠴᠠ ᠶᠠᠭᠤ ᠪᠤᠢ︖ ᠲᠠ ᠠᠵᠠ ᠵᠢᠷᠭᠠᠯ ᠲᠠᠢ ᠪᠠᠶᠢᠨ᠎ᠠ ᠤᠤ︖︾ ᠡᠨᠡ ᠪᠤᠯ ᠬᠦᠮᠤᠨ ᠪᠤᠯᠭᠠᠨ ᠤ ᠰᠠᠨᠠᠭᠠᠴᠢᠯᠠᠳᠠᠭ ᠬᠦᠨᠳᠤ ᠠᠴᠢᠶᠠᠯᠠᠪᠤᠷᠢ ᠲᠠᠢ ᠰᠡᠳᠤᠪ᠃ ᠠᠵᠠ ᠵᠢᠷᠭᠠᠯ ᠢ ᠬᠦᠮᠤᠰ ᠶᠠᠭᠠᠬᠢᠭᠠᠳ ᠢᠩᠬᠢᠳᠠᠯ᠎ᠠ ᠬᠦᠭᠡᠭᠡᠴᠠᠯᠳᠤᠳᠡᠭ ᠪᠤᠯᠪᠠ︖      ᠠᠮᠢᠳᠤᠷᠠᠯ ᠨᠢ ᠡᠳᠤᠷ ᠠᠴᠠ ᠡᠳᠤᠷ ᠥᠭᠡᠳᠡᠯᠡᠵᠤ ᠪᠠᠶᠢᠭ᠎ᠠ ᠬᠦᠮᠤᠰ ᠢ ᠭᠠᠳᠠᠨ᠎ᠠ ᠠᠴᠠ ᠨᠢ ᠬᠠᠷᠠᠬᠤ ᠳᠤ ᠥᠩᠭᠡ ᠲᠠᠢ᠂ ᠥᠭᠡᠳᠡ ᠲᠠᠢ᠂ ᠵᠠᠬ᠎ᠠ ᠠᠴᠠ ᠨᠢ ᠠᠵᠠ ᠵᠢᠷᠭᠠᠯ ᠲᠠᠢ ᠬᠠᠷᠠᠭᠳᠠᠬᠤ ᠶᠤᠮ᠃ ᠶᠠᠭ ᠡᠳᠡᠭᠡᠷ ᠤᠯᠣᠰ ᠤᠳ ᠯᠡ ᠠᠵᠠ ᠵᠢᠷᠭᠠᠯ ᠢᠶᠠᠷ ᠠᠨᠠᠶᠢᠬᠠᠨ ᠪᠠᠶᠢᠨ᠎ᠠ ᠭᠡᠵᠤ ᠣᠷᠣᠭᠤ ᠴᠢᠷᠡᠶᠢᠯᠠᠵᠠᠭᠠᠬᠤ ᠶᠤᠮ᠃ ᠠᠵᠠ ᠵᠢᠷᠭᠠᠯ ᠭᠡᠭᠴᠢ ᠴᠣᠬᠤᠮ ᠶᠠᠭᠤ ᠪᠤᠯ… ᠲᠤᠷᠯᠠᠯᠴᠠᠵᠤ᠂ ᠬᠠᠶᠢᠷᠠᠯᠠᠯᠴᠠᠵᠤ᠂ ᠲᠦᠰᠢᠯᠴᠡᠭᠰᠡᠨ ᠬᠤᠤᠰ ᠤᠳ ᠨᠢᠭᠡ ᠯᠡ ᠮᠡᠳᠡᠬᠦ ᠳᠤ ᠰᠠᠯᠵᠤ ᠪᠤᠳᠠᠷᠠᠬᠤ ᠶᠤᠮ᠃ ᠲᠤᠭᠤᠢ ᠨᠤᠮᠤᠬᠠᠨ ᠬᠡᠤᠬᠡᠨ ᠶᠡᠭᠡ ᠰᠣᠷᠠᠭᠠᠭᠤᠯᠢ ᠲᠡᠭᠦᠰᠬᠦ ᠤ ᠳᠠᠪᠠᠭᠠᠨ ᠳᠡᠭᠡᠷ᠎ᠡ ᠠᠰᠠᠷ ᠠᠴᠠ ᠦᠰᠤᠷᠬᠦ ᠶᠤᠮ᠃ ᠠᠵᠠ ᠵᠢᠷᠭᠠᠯ ᠦᠬᠡᠢ ᠪᠤᠯᠤᠭᠠᠳ ᠲᠡᠷᠡ ᠤᠤ︖ ᠪᠤᠷᠬᠠᠨ ᠤ ᠶᠠᠷᠢᠳᠠᠭ ᠠᠵᠠ ᠵᠢᠷᠭᠠᠯ ᠭᠡᠭᠴᠢ ᠴᠤᠬᠤᠮ ᠶᠠᠭᠤ ᠪᠤᠯ︖      ᠪᠢᠳᠡᠨ ᠤ ᠮᠡᠳᠡᠭᠡᠵᠢ ᠪᠠᠷ ᠪᠦᠮᠪᠤᠷᠴᠡᠭ ᠤᠨ ᠲᠤᠯᠭᠠᠷᠠᠯ᠃ ᠤᠰᠤᠨ ᠤ ᠪᠤᠬᠢᠷᠳᠤᠯ᠃ ᠢᠳᠡᠭᠡᠨ ᠤ ᠪᠤᠵᠠᠷᠳᠤᠯ᠃ ᠡᠪᠡᠳᠴᠢᠨ ᠤ ᠬᠠᠯᠳᠠᠪᠤᠷᠢᠯᠠᠯ᠂  ᠬᠦᠮᠤᠨ ᠬᠦᠮᠤᠨ ᠤ ᠬᠤᠭᠤᠷᠤᠨᠳᠤᠬᠢ ᠬᠦᠢᠳᠡᠮᠰᠤᠭ᠌ ᠬᠠᠷᠢᠴᠠᠭ᠎ᠠ ᠮᠠᠨ ᠤ ᠠᠵᠠ ᠵᠢᠷᠭᠠᠯ ᠢ ᠬᠤᠯᠠᠭᠠᠶᠢᠯᠠᠭᠰᠠᠭᠠᠷ ᠪᠠᠶᠢᠨ᠎ᠠ᠃ ᠬᠡᠳᠤ ᠬᠤᠷᠳᠤᠴᠠ ᠲᠠᠢ ᠬᠦᠭᠵᠢᠯ᠃ ᠨᠠᠮ ᠬᠦᠮ ᠢ ᠡᠪᠳᠡᠭᠰᠡᠨ ᠬᠤᠭᠤᠯᠡᠨ ᠤ ᠬᠡᠷᠡᠭᠦᠯ᠂ ᠬᠤᠳᠠ ᠶᠢᠨ ᠱᠣᠤᠬᠢᠶᠠᠨ ᠮᠠᠨ ᠤ ᠠᠵᠠ ᠵᠢᠷᠭᠠᠯ ᠶᠢ ᠴᠠᠭ ᠢᠶᠠᠷ ᠪᠢᠰᠢ᠂ ᠮᠢᠨᠦ᠋ᠲ ᠢᠶᠠᠷ ᠬᠤᠪᠢᠶᠠᠯᠴᠠᠵᠤ ᠪᠠᠶᠢᠨ᠎ᠠ᠃ ᠮᠣᠩᠭᠤᠯ ᠤᠯᠣᠰ ᠤᠨ ᠶᠡᠭᠡ ᠵᠤᠬᠢᠶᠠᠯᠴᠢ ᠰ᠊· ᠡᠷᠳᠡᠨᠢ ᠭᠤᠸᠡᠢ ᠶᠢᠨ ︽ᠬᠦᠭᠵᠢᠯ ᠬᠤᠷᠳᠤ ᠳᠠᠭᠠᠭᠤᠯᠵᠤ ᠪᠠᠶᠢᠳᠠᠭ᠂ ᠬᠤᠷᠳᠤ ᠬᠠᠷᠢᠨ ᠮᠦᠬᠦᠯ ᠳᠠᠭᠠᠭᠤᠯᠳᠠᠭ︾ ᠭᠡᠰᠡᠨ ᠮᠡᠷᠭᠡᠨ ᠦᠭᠡ ᠥᠨᠤᠳᠤᠷ ᠪᠡᠶᠡᠯᠡᠯ ᠢᠶᠠᠨ ᠤᠯᠵᠤ ᠪᠠᠶᠢᠬᠤ ᠰᠢᠭ᠋ ᠪᠠᠶᠢᠨ᠎ᠠ᠃ ᠪᠠᠶᠢᠩᠭᠤ ᠲᠤᠬᠢᠶᠠᠯᠳᠤᠳᠠᠭ ᠲᠡᠷᠭᠡᠨ ᠤ ᠠᠳᠡᠯ ᠬᠡᠴᠢᠨᠡᠨ ᠣᠯᠡᠨ ᠭᠡᠷ ᠪᠦᠯᠢ ᠶᠢᠨ ᠠᠵᠠ ᠵᠢᠷᠭᠠᠯ ᠎ ᠢ ᠪᠤᠯᠢᠶᠠᠭᠰᠠᠨ ᠦᠬᠡᠢ ᠪᠤᠢ︖ ᠺᠤᠮᠫᠢᠳᠲ᠋ᠧᠷ᠂ ᠰᠦᠯᠵᠢᠶᠠᠨ ᠲᠤᠭᠯᠠᠭᠠᠮ ᠨᠢ ᠬᠡᠴᠢᠨᠡᠨ ᠣᠯᠡᠨ ᠥᠰᠬᠦ ᠨᠠᠰᠤᠨ ᠤ ᠬᠡᠤᠬᠡᠳ ᠤᠳ ᠢ ᠠᠪᠤ ᠡᠵᠢ᠂ ᠠᠵᠠ ᠵᠢᠷᠭᠠᠯ ᠠᠴᠠ ᠨᠢ ᠠᠴᠠ ᠨᠢ ᠵᠡᠶᠢᠯᠠᠭᠤᠯᠤᠭᠰᠠᠨ ᠦᠬᠡᠢ ᠪᠤᠢ︖ ᠡᠨᠡ ᠪᠤᠯ ᠠᠵᠠ ᠵᠢᠷᠭᠠᠯ ᠪᠠᠶᠢᠬᠤ ᠶᠢᠨ ᠪᠤᠰᠤᠤᠨᠴᠢ ᠰᠢᠯᠳᠠᠭᠠᠨ ᠲᠡᠳᠤᠢ᠂ ᠶᠠᠭᠠᠬᠢᠭᠠᠳ ᠴᠤᠬᠤᠮ ᠠᠵᠠ ᠵᠢᠷᠭᠠᠯ ᠦᠬᠡᠢ ᠶᠤᠮ ᠰᠢᠭ᠋ ᠰᠠᠨᠠᠭᠳᠠᠭᠠᠳ ᠪᠠᠶᠢᠨ᠎ᠠ ᠪᠤᠢ ᠭᠡᠭᠴᠢ ᠶᠢ ᠥᠷᠤᠭᠡᠯ ᠠᠴᠠ ᠪᠢᠰᠢ ᠥᠪᠡᠷ ᠠᠴᠠ ᠪᠠᠨ ᠠᠰᠠᠭᠤᠭᠠᠳ ᠦᠵᠡᠪᠡᠯ᠂ ᠥᠨᠤᠳᠤᠷ ᠪᠢᠳᠡ ᠡᠭᠡᠯ ᠳᠠᠷᠤᠤᠬᠠᠨ ᠢᠶᠠᠨ ᠡᠷᠡᠭᠡ ᠵᠢᠷᠤᠭ᠎ᠠ ᠦᠬᠡᠢ ᠬᠠᠶᠠᠵᠤ ᠡᠷᠬᠢᠮᠰᠤᠭ᠌ ᠲᠠᠩᠰᠤᠭ ᠢ ᠦᠬᠦᠨ ᠬᠦᠭᠡᠭᠡᠴᠠᠯᠳᠤᠵᠤ ᠠᠵᠠ ᠵᠢᠷᠭᠠᠯ ᠢᠶᠠᠨ ᠪᠤᠷᠤᠭᠤ ᠵᠠᠮ ᠢᠶᠠᠷ ᠡᠷᠢᠬᠦ ᠪᠤᠯᠤᠭᠰᠠᠨ᠂ ᠥᠨᠤᠳᠤᠷ ᠪᠢᠳᠡ ᠡᠭᠡᠯ ᠠᠴᠠ ᠡᠭᠡᠯ ᠡᠩ ᠤᠨ ᠶᠠᠭᠤᠮᠡᠨ ᠤ ᠠᠭᠤᠤ ᠶᠡᠭᠡ ᠦᠨ᠎ᠡ ᠦᠷᠳᠡᠭ ᠢ ᠣᠷᠤ ᠲᠠᠰᠤ ᠮᠠᠷᠳᠠᠵᠤ ᠡᠬᠢᠯᠡᠭᠰᠡᠨ ᠠᠴᠠ ᠠᠵᠠ ᠵᠢᠷᠭᠠᠯ ᠠᠴᠠ ᠠᠶᠠᠨᠳᠠᠭᠠᠨ ᠬᠤᠯᠡᠳᠴᠤ ᠡᠬᠢᠯᠡᠵᠤ ᠪᠠᠶᠢᠨ᠎ᠠ ᠭᠡᠳᠡᠭ ᠢᠶᠠᠨ ᠮᠡᠳᠡᠷᠡᠬᠦ ᠶᠤᠮ᠃      ᠬᠠᠶᠠ ᠨᠢᠭᠡ ᠬᠤᠳᠠ ᠶᠢᠨ ᠱᠤᠤᠬᠢᠶᠠᠨ ᠠᠴᠠ ᠵᠠᠯᠬᠠᠵᠤ ᠬᠦᠳᠡᠭᠡ ᠳᠤ ᠪᠠᠨ ᠬᠠᠷᠢᠵᠤ ᠮᠡᠶᠢᠭ᠋ ᠡᠵᠢ ᠲᠠᠢ ᠪᠠᠨ ᠬᠠᠮᠳᠤ ᠰᠦᠷᠦᠭ ᠤᠨ ᠢᠶᠠᠨ ᠬᠤᠶᠢᠨ᠎ᠡ ᠠᠴᠠ ᠰᠠᠵᠢᠯᠠᠵᠤ ᠦᠵᠡ︕ ᠠᠵᠠ ᠵᠢᠷᠭᠠᠯ ᠲᠡᠨᠳᠠ ᠰᠠᠵᠢᠯᠠᠵᠤ ᠯᠡ ᠪᠤᠢ᠃ ᠬᠠᠶᠠ ᠨᠢᠭᠡ ᠰᠠᠯᠬᠢᠨ ᠳᠤ ᠭᠠᠷᠴᠤ ᠬᠡᠳᠤᠨ ᠬᠠᠭᠤᠷᠡᠢ ᠲᠦᠯᠡᠭᠡ ᠴᠦᠯᠪᠡᠨ ᠭᠠᠯ ᠲᠦᠯᠡᠵᠤ᠂ ᠲᠡᠷᠡ ᠭᠠᠯ ᠳᠤ ᠪᠠᠨ ᠬᠦᠯᠤᠴᠤᠵᠤ᠂ ᠬᠤᠶᠠᠷ ᠬᠤᠨᠳᠠᠭ᠎ᠠ ᠳᠠᠲᠡᠨ᠂ ᠰᠡᠳᠬᠢᠯ ᠢᠶᠠᠨ ᠠᠭᠤᠳᠠᠯᠵᠤ ᠦᠵᠡ︕ ᠳᠡᠨᠳᠡ ᠠᠵᠠ ᠵᠢᠷᠭᠠᠯ ᠬᠡᠬᠡᠷ᠎ᠡ ᠶᠢᠨ ᠰᠠᠯᠬᠢᠨ ᠢᠶᠠᠷ ᠲᠡᠶᠢᠭ᠌ᠳᠠᠨ ᠢᠷᠡᠴᠢᠭᠡᠭᠰᠡᠨ ᠪᠠᠶᠢᠳᠠᠭ ᠰᠢᠤ᠃ ᠬᠠᠷᠢᠶᠠᠴᠡᠢ ᠢᠷᠡᠬᠦ ᠶᠢ ᠬᠦᠰᠡᠬᠦ᠂ ᠰᠠᠷᠡᠨ ᠤ ᠭᠡᠭᠡ ᠠᠰᠡᠷᠠᠬᠤ ᠶᠢ ᠪᠠᠭ᠋ᠠᠷᠠᠬᠤ᠂ ᠢᠰᠢᠭᠡ ᠬᠤᠷᠠᠭ᠎ᠠ ᠡᠬᠡ ᠣᠷᠣᠭᠤ ᠪᠠᠨ ᠭᠦᠶᠤᠬᠦ ᠶᠢ ᠬᠠᠷᠠᠵᠤ ᠪᠠᠶᠠᠰᠬᠤ ᠡᠨᠡ ᠪᠦᠬᠦᠳᠡ ᠯᠡ ᠠᠵᠠ ᠵᠢᠷᠭᠠᠯ ᠰᠢᠤ᠃      ᠥᠨᠳᠤᠷ ᠬᠤᠷᠳᠤᠴᠠᠳᠤ ᠬᠦᠭᠵᠢᠯ ᠨᠢ ᠬᠦᠮᠤᠨ ᠲᠦᠷᠤᠯᠬᠢᠳᠡᠨ ᠳᠤ ᠪᠠᠯᠠᠨᠴᠢᠯᠠᠯ ᠢ ᠠᠪᠴᠢᠷᠠᠵᠤ᠂ ᠪᠠᠯᠠᠨᠴᠢᠯᠠᠯ ᠎ ᠨᠢ ᠬᠦᠮᠤᠨ ᠲᠦᠷᠤᠯᠬᠢᠳᠡᠨ ᠢ ᠬᠦᠳᠡᠯᠮᠤᠷᠢ ᠠᠴᠠ ᠬᠤᠯᠠᠳᠠᠭᠤᠯᠳᠠᠭ᠃ ᠦᠨᠡᠨ ᠳᠤ ᠪᠠᠨ ᠬᠦᠮᠤᠨ ᠲᠦᠷᠤᠯᠬᠢᠳᠡᠨ ᠤ ᠲᠡᠦᠬᠡ ᠪᠤᠯ ᠬᠦᠳᠡᠯᠮᠤᠷᠢ ᠤᠨ ᠲᠡᠦᠬᠡ᠂ ᠮᠠᠰᠢᠨ ᠬᠦᠮᠤᠨ ᠬᠦᠮᠤᠨ ᠲᠦᠷᠤᠯᠬᠢᠳᠡᠨ ᠤ ᠣᠶᠣᠨ ᠣᠬᠠᠭᠠᠨ᠂ ᠲᠦᠷᠪᠡᠨ ᠮᠦᠴᠢ ᠶᠢ ᠪᠤᠷᠢᠮᠤᠰᠤᠨ ᠣᠷᠣᠯᠠᠬᠤ ᠲᠡᠷᠡ ᠡᠳᠤᠷ ᠪᠤᠯ ᠪᠢᠳᠡᠨ ᠤ ᠮᠦᠬᠦᠯ ᠤᠨ ᠡᠳᠤᠷ᠃      ᠬᠦᠳᠡᠯᠬᠦ ᠪᠠᠨ ᠪᠠᠶᠢᠭᠰᠠᠨ᠂ ᠬᠦᠳᠡᠯᠮᠤᠷᠢᠯᠡᠬᠦ ᠪᠠᠨ ᠪᠠᠶᠢᠭᠰᠠᠨ ᠭᠡᠷ ᠪᠦᠯᠢ ᠳᠤ ᠠᠵᠠ ᠵᠢᠷᠭᠠᠯ ᠲᠡᠶᠢᠮᠤ ᠴᠤ ᠤᠳᠠᠭᠠᠨ ᠬᠤᠷᠭᠤᠳᠠᠵᠤ ᠴᠢᠳᠠᠬᠤ ᠦᠬᠡᠢ᠃ ᠠᠰᠠᠷ ᠪᠤᠯ ᠨᠡᠶᠢᠭᠡᠮ ᠤᠨ ᠪᠠᠯᠠᠨᠴᠢᠯᠠᠯ ᠢ ᠲᠦᠪᠯᠡᠷᠡᠩᠭᠦᠢ ᠲᠤᠰᠠᠬᠠᠭᠰᠠᠨ ᠲᠠᠯᠠᠪᠤᠷ ᠮᠦᠨ᠃ ᠲᠡᠨᠳᠡ ᠭᠠᠯ ᠪᠡᠯᠡᠨ ᠪᠤᠢ᠂ ᠴᠠᠬᠢᠯᠭᠠᠨ ᠪᠡᠯᠡᠨ ᠪᠤᠢ᠂ ᠤᠰᠤ ᠪᠡᠯᠡᠨ ᠪᠤᠢ᠂ ᠤᠬᠢᠶᠠᠯᠭ᠎ᠠ ᠪᠡᠯᠡᠨ ᠪᠤᠢ᠃ ᠡᠨᠡ ᠤᠯᠡᠨ ᠪᠡᠯᠡᠨ ᠢ ᠪᠡᠯᠡᠳᠭᠡᠬᠦ ᠭᠡᠵᠤ ᠡᠳᠤᠷ ᠰᠦᠨᠢ ᠢᠯᠭᠠᠯ ᠦᠬᠡᠢ ᠭᠠᠵᠠᠷ ᠨᠤᠳᠤᠭ ᠢᠶᠠᠨ ᠣᠬᠤᠵᠤ᠂ ᠭᠠᠭᠴᠠᠬᠠᠨ ᠪᠠᠶᠢᠭ᠎ᠠ ᠪᠦᠮᠪᠤᠷᠴᠡᠭ ᠶᠢᠨ ︽ᠪᠠᠶᠢᠭ᠎ᠠ ᠯᠡ︾ ᠭᠡᠰᠡᠨ ᠠᠴᠠ ᠪᠠᠨ ᠪᠠᠷᠠᠭᠳᠠᠳᠠᠭ ᠦᠬᠡᠢ ᠶᠤᠮ ᠰᠢᠭ᠋ ᠠᠪᠴᠤ ᠯᠡ ᠪᠠᠶᠢᠨ᠎ᠠ᠃ ᠲᠡᠷᠡ ︽ᠪᠠᠶᠢᠭ᠎ᠠ ᠯᠡ︾ ᠲᠤᠳᠤᠷ᠎ᠠ ᠠᠵᠠ ᠵᠢᠷᠭᠠᠯ ᠪᠠᠶᠢᠳᠠᠭ ᠦᠬᠡᠢ ᠨᠢ ᠰᠣᠨᠢᠨ᠂ ᠪᠢᠳᠡ ᠠᠮᠢᠳᠤᠷᠠᠯ ᠳᠤ ᠣᠨᠣᠭᠳᠠᠭᠰᠠᠨ ᠲᠡᠷᠡ ᠣᠯᠡᠨ ᠪᠡᠯᠡᠨ ᠢ ᠮᠠᠰᠢ ᠥᠨᠳᠤᠷ ᠦᠨ᠎ᠡ ᠪᠠᠷ ᠬᠤᠳᠠᠯᠳᠤᠨ ᠠᠪᠴᠤ ᠪᠠᠶᠢᠭ᠎ᠠ ᠪᠠᠨ ᠮᠡᠳᠡᠳᠡᠭ ᠴᠤ ᠠᠵᠠ ᠵᠢᠷᠭᠠᠯ ᠢ ᠮᠦᠨ ᠠᠳᠠᠯᠢ ᠥᠨᠳᠤᠷ ᠦᠨ᠎ᠡ ᠪᠠᠷ ᠬᠤᠳᠠᠯᠳᠤᠨ ᠠᠪᠬᠤ ᠬᠡᠮᠡᠨ ᠲᠡᠨᠡᠭᠯᠡᠳᠡᠭ ᠨᠢ ᠬᠦᠭᠡᠷᠤᠬᠦᠢ᠂ ᠪᠢᠳᠡᠨ ᠤ ᠠᠰᠠᠷ ᠲᠤ ᠪᠠᠶᠢᠭ᠎ᠠ ᠠᠮᠢᠳᠤᠷᠠᠯ ᠳᠤ ᠬᠡᠷᠡᠭᠯᠡᠵᠦ ᠪᠠᠶᠢᠭ᠎ᠠ ︽ᠪᠡᠯᠡᠨ︾ ᠬᠡᠳᠤᠶᠢᠪᠡᠷ ᠪᠢᠳᠡᠨ ᠤ ᠦᠮᠴᠢ ᠪᠤᠯᠪᠠᠴᠤ ᠲᠡᠷᠡ ᠪᠤᠯ ᠬᠤᠯᠠᠭᠠᠢ ᠶᠢᠨ ᠬᠢ᠂ ᠬᠠᠷᠢᠨ ᠬᠦᠰᠡᠭᠡᠳ ᠬᠦᠭᠡᠭᠡᠯᠴᠠᠳᠤᠭᠡᠳ ᠪᠠᠶᠢᠭ᠎ᠠ ᠠᠵᠠ ᠵᠢᠷᠭᠠᠯ ᠭᠡᠭᠴᠢ ᠪᠤᠯ ᠬᠤᠯᠠᠭᠠᠢ ᠶᠢᠨ ᠬᠢ ᠪᠢᠰᠢ  ᠂ ᠬᠤᠪᠢᠨ ᠤ ᠶᠠᠭᠤᠮ᠎ᠠ᠃      ᠠᠶᠢᠯ ᠪᠤᠯᠭᠠᠨ ᠳᠤ ᠠᠮᠠᠷᠬᠠᠨ ᠵᠡᠶᠢᠯᠠᠳᠠᠭ ᠦᠬᠡᠢ ᠵᠤᠪᠠᠯᠠᠩ ᠨᠢᠭᠡ ᠪᠠᠶᠢᠳᠠᠭ ᠲᠠᠢ ᠠᠳᠠᠯᠢ᠂ ᠠᠶᠢᠯ ᠪᠦᠷᠢ ᠳᠤ ᠬᠢᠯᠪᠡᠷᠬᠠᠨ ᠣᠯᠳᠠᠳᠠᠭ ᠦᠬᠡᠢ ᠠᠵᠠ ᠵᠢᠷᠭᠠᠯ ᠭᠡᠭᠴᠢ ᠪᠠᠰᠠ ᠨᠢᠭᠡ ᠵᠦᠢᠯ ᠪᠤᠢ᠃      ᠠᠶᠢᠯ ᠪᠤᠯᠭᠠᠨ ᠳᠤ ᠠᠵᠠ ᠵᠢᠷᠭᠠᠯ ᠪᠤᠢ᠃
 
ᠢᠷᠡᠯᠲᠡ᠄ ᠪᠠᠶ᠋ᠬᠠᠣᠪᠤᠭ᠎ᠠ ᠠᠭᠤᠷᠬᠠᠢ ᠶᠢᠨ ᠲᠣᠭᠤᠷᠢᠭ ᠤᠨ ᠵᠠᠰᠠᠭ ᠤᠨ ᠣᠷᠳᠤᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号