ᠪᠣᠱᠤᠭ᠎ᠠ ᠶᠢᠨ ᠲᠣᠬᠠᠢ ᠶᠣᠰᠣ ᠴᠡᠭᠡᠷ
ᠨᠡᠶᠢᠲᠡᠯᠡᠭᠰᠡᠨ ᠴᠠᠭ᠄
2020/11/19
     ᠡᠭᠦᠳᠡ ᠣᠩᠭᠤᠶᠢᠯᠭᠠᠬᠤ ᠦᠭᠡᠢ ᠪᠣᠯ ᠡᠷᠦᠬᠡ ᠨᠡᠭᠡᠭᠡᠭᠳᠡᠬᠦ ᠦᠭᠡᠢ᠃ ᠡᠷᠦᠬᠡ ᠭᠡᠵᠦ ᠡᠭᠦᠳᠡ ᠯᠦᠭᠡ ᠨᠢᠬᠲᠠ ᠬᠤᠯᠪᠤᠭ᠎ᠠ ᠲᠠᠢ ᠪᠣᠯᠬᠤᠷ ᠡᠭᠦᠳᠡᠨ ᠤ ᠰᠠᠭᠤᠷᠢ ᠪᠣᠯᠣᠬᠰᠠᠨ ᠪᠣᠱᠤᠭ᠎ᠠ ᠨᠢ ᠲᠤᠩ ᠬᠦᠨᠳᠦᠦᠨᠬᠡᠯ ᠲᠠᠢ ᠪᠠᠶᠢᠵᠤ᠂ ᠪᠣᠱᠤᠭ᠎ᠠ ᠶᠢᠨ ᠲᠣᠬᠠᠢ ᠶᠣᠰᠣ ᠴᠡᠭᠡᠷ ᠮᠠᠰᠢ ᠴᠢᠩᠭ᠎ᠠ ᠪᠠᠶᠢᠳᠠᠭ᠃ ᠪᠣᠱᠤᠭ᠎ᠠ ᠶᠢ ᠵᠠᠷᠢᠮᠠᠤᠨ ᠨᠢ ︽ᠬᠠᠲᠠᠪᠴᠢ︾ ᠭᠡᠵᠦ᠂ ᠬᠠᠶᠠ ᠪᠠᠰᠠ ︽ᠬᠠᠪᠲᠠᠰᠤ︾ ᠭᠡᠵᠦ ᠬᠡᠯᠡᠳᠡᠭ ᠴᠤ ᠪᠤᠢ᠃ ︽ᠪᠣᠱᠤᠭ᠎ᠠ︾᠎ ᠨᠢ ᠪᠢᠴᠢᠭ ᠤᠨ ᠦᠭᠡ ᠪᠠᠶᠢᠵᠤ᠂ ᠪᠣᠰᠣᠤᠨ ᠨᠢ ᠨᠤᠲᠤᠭ ᠤᠨ ᠬᠡᠯᠡᠯᠭᠡ ᠪᠠᠶᠢᠳᠠᠭ᠃ ᠮᠠᠨ ᠤ ᠮᠤᠩᠭᠤᠯᠴᠣᠤᠨ ᠤᠵᠠᠭᠤᠷ ᠠᠴᠠ ᠪᠠᠨ ᠡᠭᠦᠳᠡ ᠬᠠᠭᠠᠯᠭ᠎ᠠ ᠪᠠᠨ ᠮᠠᠰᠢ ᠬᠦᠨᠳᠦᠦᠨᠬᠡᠨ᠂ ᠣᠨᠴᠠᠭᠠᠶᠢᠯᠠᠨ ᠡᠭᠦᠳᠡᠨ ᠪᠣᠱᠤᠭ᠎ᠠ ᠶᠢ ᠦᠷ᠎ᠡ ᠦᠨᠳᠦᠰᠦ ᠵᠠᠯᠭᠠᠮᠵᠢᠯᠠᠨ ᠳᠡᠯᠭᠡᠷᠡᠬᠦ ᠶᠢᠨ ᠪᠡᠯᠭᠡᠳᠡᠯ ᠪᠣᠯᠭᠠᠨ ᠬᠦᠨᠳᠦᠦᠨᠬᠡᠨ ᠦᠵᠡᠳᠡᠭ᠃ ᠪᠣᠱᠤᠭ᠎ᠠ ᠨᠢ ᠱᠠᠯᠠ ᠲᠠᠢ ᠨᠠᠭᠠᠯᠳᠤᠨ ᠵᠠᠯᠭᠠᠯᠳᠤᠵᠤ ᠪᠠᠶᠢᠬᠤ ᠪᠣᠯᠬᠤᠷ ᠬᠦᠮᠦᠰ ᠬᠢᠴᠢᠶᠡᠮᠵᠢ ᠦᠭᠡᠢ ᠪᠣᠯ ᠪᠣᠱᠤᠭ᠎ᠠ ᠶᠢ ᠬᠢᠰᠬᠢᠵᠦ ᠮᠡᠳᠡᠬᠦ ᠶᠤᠮ᠃      ᠡᠶᠢᠨ ᠬᠦ᠂ ᠮᠤᠩᠭᠤᠯᠴᠣᠤᠨ ᠣᠤᠯ ᠠᠴᠠ ᠪᠠᠨ ᠦᠷ᠎ᠡ ᠬᠡᠦᠬᠡᠳ ᠲᠡᠭᠡᠨ ᠬᠠᠷᠠᠬᠠᠨ ᠪᠠᠭ᠎ᠠ ᠠᠴᠠ ᠨᠢ ᠪᠣᠱᠣᠭᠠᠨ ᠤ ᠲᠣᠬᠠᠢ ᠶᠣᠰᠣ ᠴᠡᠭᠡᠷ ᠢ ᠮᠡᠳᠡᠭᠦᠯᠳᠡᠭ ᠪᠠᠶᠢᠵᠠᠢ᠃ ᠪᠣᠱᠤᠭᠠᠨ ᠳᠡᠭᠡᠷ᠎ᠡ ᠬᠢᠰᠬᠢᠵᠦ ᠪᠣᠯᠳᠠᠭ ᠦᠭᠡᠢ᠃ ᠡᠭᠦᠳᠡᠨ ᠪᠣᠱᠤᠭᠠᠨ ᠳᠡᠭᠡᠷ᠎ᠡ ᠬᠢᠰᠬᠢᠬᠦ ᠶᠢ ᠣᠨᠴᠠ ᠴᠡᠭᠡᠷᠯᠡᠵᠦ᠂ ᠪᠣᠱᠤᠭᠠᠨ ᠳᠡᠭᠡᠷ᠎ᠡ ᠬᠢᠰᠬᠢᠪᠡᠯ ᠮᠠᠰᠢ ᠶᠡᠭᠡ ᠭᠤᠲᠤᠭᠠᠯ ᠵᠦᠬᠡᠯ ᠢᠶᠠᠷ ᠦᠵᠡᠳᠡᠭ᠃ ᠪᠣᠱᠤᠭ᠎ᠠ ᠶᠢ ᠬᠦᠨᠳᠦᠦᠨᠬᠡᠬᠦ ᠨᠢ ᠳᠡᠭᠡᠳᠦᠰ ᠲᠡᠭᠡᠨ ᠦᠨᠡᠨᠴᠢ ᠪᠠᠶᠢᠵᠤ᠂ ᠳᠡᠭᠡᠳᠦᠰ ᠤᠨ ᠬᠦᠨᠳᠦᠦᠨᠬᠡᠯ ᠤᠨ ᠨᠢᠭᠡ ᠬᠡᠯᠪᠡᠷᠢ ᠬᠡᠮᠡᠨ ᠦᠵᠡᠵᠦ᠂ ᠪᠣᠱᠤᠭ᠎ᠠ ᠶᠢ ᠬᠢᠰᠬᠢᠪᠡᠯ ᠳᠡᠭᠡᠳᠦᠰ ᠢ ᠳᠣᠷᠣᠮᠵᠢᠯᠠᠨ ᠭᠡᠷ ᠤᠨ ᠡᠵᠡᠨ ᠢ ᠵᠦᠭᠡᠵᠦ ᠪᠠᠶᠢᠨ᠎ᠠ ᠬᠡᠮᠡᠨ ᠬᠢᠯᠢᠩᠨᠡᠨ ᠠᠭᠤᠷᠯᠠᠳᠠᠭ᠃ ᠪᠣᠱᠤᠭ᠎ᠠ ᠶᠢ ᠬᠢᠰᠬᠢᠪᠡᠯ ᠬᠡᠶᠢᠮᠣᠷᠢ ᠬᠡᠪᠲᠡᠨ᠎ᠡ ᠭᠡᠳᠡᠭ᠃ ᠲᠡᠦᠬᠡᠨ ᠳᠡᠮᠳᠡᠭᠯᠡᠯ ᠳᠤ ᠮᠤᠩᠭᠤᠯ ᠬᠠᠭᠠᠨᠳᠤ ᠤᠯᠤᠰ ᠤᠨ ᠦᠶ᠎ᠡ ᠳᠤ᠂ ᠪᠤᠱᠤᠭᠠᠨ ᠳᠡᠭᠡᠷ᠎ᠡ ᠬᠢᠰᠬᠢᠭᠰᠡᠨ ᠬᠦᠮᠦᠨ ᠳᠤ ᠬᠠᠮᠤᠭ ᠤᠨ ᠬᠥᠨᠳᠦ ᠡᠷᠡᠭᠦᠦ ᠲᠤᠯᠭᠠᠨ ᠰᠢᠢᠦᠨᠬᠡᠳᠡᠭ ᠤᠯᠤᠰ ᠤᠨ ᠴᠠᠭᠠᠵᠠ ᠲᠠᠢ ᠪᠠᠶᠢᠵᠠᠢ᠃ ︽ᠮᠤᠩᠭᠤᠯ ᠤᠯᠤᠰ ᠤᠨ ᠴᠠᠭᠠᠵᠠ︾ ᠬᠡᠮᠡᠬᠦ ᠳᠤ ︽ᠡᠭᠦᠳᠡᠨ ᠪᠣᠱᠤᠭ᠎ᠠ ᠬᠢᠰᠬᠢᠯᠡᠭᠰᠡᠨ᠂ ᠮᠣᠷᠢᠨ ᠤ ᠲᠣᠯᠤᠭᠠᠢ ᠨᠢᠳᠦ ᠶᠢ ᠵᠠᠨᠴᠢᠬᠰᠠᠨ ᠁ ᠪᠦᠬᠦᠨ ᠢ ᠠᠯᠠᠮᠤᠢ︾ ᠬᠡᠮᠡᠬᠦ ᠲᠡᠮᠳᠡᠭᠯᠡᠯ ᠪᠤᠢ᠃ ᠮᠤᠩᠭᠤᠯᠴᠣᠤᠨ ᠡᠭᠦᠳᠡᠨ ᠪᠣᠱᠤᠭ᠎ᠠ ᠶᠢ ᠬᠠᠭᠠᠨ ᠤ ᠭᠠᠷᠴᠤ ᠣᠷᠤᠳᠠᠭ ︽ᠡᠷᠳᠡᠨᠢ ᠶᠢᠨ ᠪᠣᠱᠤᠭ᠎ᠠ︾ ᠬᠡᠮᠡᠨ ᠡᠭᠦᠳᠡᠨ ᠪᠣᠱᠤᠭ᠎ᠠ ᠶᠢ ᠣᠨᠴᠠᠭᠠᠢ ᠴᠢᠬᠤᠯᠠ ᠪᠣᠯᠭᠠᠨ ᠡᠷᠬᠢᠮᠯᠡᠵᠦ᠂ ᠬᠦᠨᠳᠦᠦᠨᠬᠡᠨ ᠪᠢᠰᠢᠷᠡᠬᠦ ᠲᠥᠷᠦᠭᠳᠡᠯ ᠲᠠᠢ ᠪᠠᠶᠢᠳᠠᠭ᠃ ᠡᠶᠢᠨ ᠬᠦ᠂ ᠪᠣᠱᠤᠭᠠᠨ ᠳᠡᠭᠡᠷ᠎ᠡ ᠵᠣᠬᠰᠤᠬᠤ ᠪᠤᠶᠤ ᠰᠠᠭᠤᠬᠤ ᠶᠢ ᠡᠷᠡᠰ ᠴᠡᠭᠡᠷᠯᠡᠵᠦ᠂ ᠪᠣᠱᠤᠭᠠᠨ ᠳᠡᠭᠡᠷ᠎ᠡ ᠵᠣᠬᠰᠣᠵᠤ ᠰᠠᠭᠤᠪᠠᠯ ᠰᠤᠷᠭᠠᠯ ᠰᠤᠷᠲᠠᠯ ᠦᠭᠡᠢ ᠬᠡᠮᠡᠨ ᠦᠵᠡᠵᠦ᠂ ᠪᠤᠶᠠᠨ ᠴᠢᠨᠢ ᠪᠠᠭᠤᠷᠠᠨ᠎ᠠ ᠭᠡᠵᠦ ᠠᠬᠠᠮᠠᠳ ᠬᠦᠮᠦᠰ ᠠᠭᠤᠷ ᠬᠦᠷᠳᠡᠭ ᠪᠠᠶᠢᠵᠠᠢ᠃ ᠪᠣᠱᠤᠭ᠎ᠠ ᠶᠢᠨ ᠶᠣᠰᠣ ᠴᠡᠭᠡᠷ ᠰᠣᠶᠣᠯ ᠨᠢ ᠮᠤᠩᠭᠤᠯᠴᠣᠤᠨ ᠤᠨ ᠭᠡᠷ ᠪᠦᠯᠢ ᠶᠢᠨ ᠬᠦᠮᠦᠵᠢᠯ ᠤᠨ ᠨᠢᠭᠡ ᠰᠣᠷᠪᠤᠯᠵᠢ ᠪᠣᠯᠵᠤ᠂ ᠦᠷ᠎ᠡ ᠬᠤᠶᠢᠴᠢᠰ ᠤᠨ ᠪᠣᠯᠪᠠᠰᠤᠨ ᠮᠤᠷᠠᠯ ᠲᠠᠢ ᠪᠣᠯᠪᠠᠰᠤᠷᠠᠯ ᠰᠠᠶᠢᠲᠠᠢ ᠬᠦᠮᠦᠵᠢᠭᠳᠡᠬᠦ ᠳᠤ ᠠᠰᠢᠬᠲᠠᠢ ᠪᠠᠶᠢᠳᠠᠭ᠃ ᠮᠤᠩᠭᠤᠯᠴᠣᠤᠨ ᠤᠨ ᠪᠣᠱᠤᠭᠠᠨ ᠳᠡᠭᠡᠷ᠎ᠡ ᠬᠤᠭ ᠲᠣᠭᠤᠰᠤ ᠪᠣᠵᠠᠷ ᠪᠣᠷᠳᠠᠭ ᠬᠦᠷᠭᠡᠬᠦ ᠶᠢ ᠴᠡᠭᠡᠷᠯᠡᠬᠦ ᠨᠢ ᠪᠠᠰᠠ ᠠᠷᠢᠭᠤᠨ ᠴᠡᠪᠡᠷ ᠡᠷᠡᠭᠦᠯ ᠮᠡᠨᠳᠦ ᠶᠢ ᠡᠷᠬᠢᠮᠯᠡᠭᠰᠡᠨ ᠰᠠᠨᠠᠭ᠎ᠠ ᠢᠯᠡᠷᠡᠯ ᠪᠠᠶᠢᠵᠤ ᠲᠠᠭᠠᠷᠠᠨ᠎ᠠ᠃ ᠡᠶᠢᠨ ᠬᠦ᠂ ︽ᠬᠦᠯᠳᠡᠳᠡᠭ ᠦᠭᠡᠢ ᠪᠤᠯᠠᠭ᠂ ᠬᠦᠨᠳᠡᠳᠡᠭ ᠦᠭᠡᠢ ᠪᠣᠱᠤᠭ᠎ᠠ︾ ᠭᠡᠰᠡᠨ ᠪᠣᠳᠠᠳᠤ ᠰᠠᠶᠢᠬᠠᠨ ᠵᠦᠢᠷ ᠦᠭᠡ ᠪᠤᠢ ᠪᠣᠯᠤᠬᠰᠠᠨ ᠪᠠᠶᠢᠳᠠᠭ᠃        ᠣᠳᠣ ᠬᠠᠷᠢᠨ ᠡᠷᠦᠬᠡ ᠭᠡᠷ ᠤᠨ ᠳᠣᠳᠤᠷ᠎ᠠ ᠥᠷᠦᠭᠡ ᠳᠠᠰᠤᠯᠭ᠎ᠠ ᠣᠯᠠᠨ ᠪᠣᠯᠤᠬᠰᠠᠨ ᠪᠣᠯᠪᠠᠴᠤ ᠡᠭᠦᠳᠡᠨ ᠳᠤᠨᠢ ᠪᠣᠱᠤᠭ᠎ᠠ ᠦᠭᠡᠢ ᠪᠣᠯᠵᠤ ᠪᠠᠶᠢᠭ᠎ᠠ ᠨᠢ ᠭᠠᠶᠢᠬᠠᠯᠲᠠᠢ᠃ ᠡᠶᠢᠨ ᠬᠦ ᠪᠣᠱᠤᠭ᠎ᠠ ᠶᠢᠨ ᠰᠣᠶᠣᠯ ᠪᠠᠯᠠᠷᠠᠬᠤ ᠲᠡᠶᠢᠰᠢ ᠪᠠᠨ ᠲᠦᠭᠦᠵᠦ᠂ ᠪᠠᠭᠠᠴᠤᠳ ᠬᠡᠦᠬᠡᠳ ᠪᠣᠱᠤᠭ᠎ᠠ ᠶᠢ ᠲᠠᠨᠢᠨ ᠮᠡᠳᠡᠵᠦ᠂ ᠪᠣᠱᠤᠭ᠎ᠠ ᠶᠢᠨ ᠲᠣᠬᠠᠢ ᠶᠣᠰᠣ ᠴᠡᠭᠡᠷ ᠢ ᠤᠶᠢᠯᠠᠭᠠᠨ ᠵᠢᠷᠤᠮᠯᠠᠬᠤ ᠨᠢ ᠲᠣᠲᠠᠮᠠᠭ ᠪᠣᠯᠵᠤ ᠪᠤᠢ᠃ ᠡᠭᠦᠳᠡᠨ ᠪᠣᠱᠤᠭ᠎ᠠ ᠶᠢ ᠰᠠᠨᠳᠠᠶᠢᠯᠠᠬᠤ᠂ ᠡᠭᠦᠳᠡ ᠠᠯᠳᠠᠯᠠᠬᠤ᠂ ᠡᠭᠦᠳᠡ ᠪᠠᠷ ᠳᠣᠳᠤᠬᠰᠢ ᠱᠠᠭᠠᠶᠢᠬᠤ᠂ ᠡᠭᠦᠳᠡᠨ ᠠᠴᠠ ᠳᠡᠭᠦᠵᠢᠯᠡᠬᠦ᠂ ᠡᠯᠭᠦᠮᠡᠯ ᠡᠭᠦᠳᠡᠨ ᠤ ᠪᠣᠷᠤᠭᠤ ᠲᠠᠯ᠎ᠠ ᠪᠠᠷ ᠣᠷᠤᠵᠤ ᠭᠠᠷᠬᠤ ᠶᠢ ᠴᠢᠩᠳᠠ ᠴᠡᠭᠡᠷᠯᠡᠬᠦ ᠶᠣᠰᠣᠨ ᠪᠤᠢ᠃ ᠵᠦᠷᠢᠴᠡᠪᠡᠰᠦ ᠦᠯᠵᠡᠢ ᠪᠣᠰᠤ ᠢᠷᠸ᠎ᠠ ᠲᠠᠢ ᠭᠡᠵᠦ ᠦᠵᠡᠳᠡᠭ᠃ ︵ᠯᠢ · ᠪᠤᠶᠠᠨᠴᠤᠬᠯᠠ︶
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号