ᠮᠤᠩᠭᠤᠯᠴᠤᠳ ᠤᠨ ᠠᠳᠤᠭᠤ ᠲᠠᠮᠠᠭᠠᠯᠠᠬᠤ ᠶᠤᠰᠤᠠ
ᠨᠡᠶᠢᠲᠡᠯᠡᠭᠰᠡᠨ ᠴᠠᠭ᠄
2020/6/16
     ᠮᠤᠩᠭᠤᠯᠴᠤᠳ ᠡᠷᠳᠡ ᠲᠡᠭᠡᠳᠦ ᠠᠴᠠ ᠪᠠᠨ ᠠᠪᠤᠭᠠᠳ ᠦᠪᠡᠷ ᠤᠨ ᠡᠷᠬᠢᠯᠡᠨ ᠡᠵᠡᠮᠰᠢᠭᠰᠡᠨ ᠮᠠᠯ ᠰᠦᠷᠦᠭ ᠢᠶᠠᠨ ᠲᠠᠨᠢᠨ ᠪᠦᠷᠢᠳᠭᠡᠬᠦ ᠳᠡᠭᠡᠨ ᠮᠠᠯ ᠤᠨ ᠦᠩᠭᠡ ᠵᠢᠰᠦᠮ᠂ ᠨᠠᠰᠦ ᠰᠢᠳᠦ᠂ ᠲᠦᠷᠰᠦ ᠶᠠᠩᠵᠦ ᠪᠠᠶᠢᠳᠠᠯ ᠵᠡᠷᠭᠡ ᠪᠠᠷ ᠨᠢ ᠵᠢᠰᠤᠯᠠᠨ ᠢᠯᠭᠠᠪᠤᠷᠢᠯᠠᠬᠤ ᠠᠷᠭ᠎ᠠ ᠴᠢᠳᠠᠪᠤᠷᠢ ᠶᠢ ᠪᠤᠯᠪᠠᠰᠤᠷᠠᠭᠤᠯᠤᠭᠰᠠᠨ ᠠᠴᠠ ᠭᠠᠳᠠᠨ᠎ᠠ ᠪᠠᠰᠠ ᠨᠢᠭᠡ ᠴᠢᠬᠤᠯᠠ ᠪᠠᠷᠢᠮᠳᠠ ᠲᠡᠮᠳᠡᠭ ᠊᠊᠊᠊ ᠲᠠᠮᠠᠭ᠎ᠠ ᠶᠢ ᠡᠭᠦᠳᠦᠨ ᠪᠦᠳᠦᠭᠡᠭᠰᠡᠨ ᠶᠤᠮ᠃            ᠵᠢᠯ ᠪᠦᠷᠢ ᠶᠢᠨ ᠬᠠᠪᠤᠷ ᠤᠨ ᠰᠡᠬᠦᠯᠴᠢ ᠵᠤᠨ ᠤ ᠡᠬᠢ ᠪᠠᠷ ᠵᠠᠷᠤᠳ ᠬᠤᠰᠢᠭᠤᠨ ᠤ ᠮᠠᠯᠵᠢᠬᠤ ᠰᠤᠮᠤ ᠨᠢ ᠭᠠᠴᠠᠭ᠎ᠠ ᠪᠠᠷ ᠨᠢᠭᠡᠴᠢ ᠪᠣᠯᠭᠠᠨ ᠠᠳᠤᠭᠤᠨ ᠰᠤᠶᠤᠯ ᠤᠨ ᠦᠪᠡᠳᠡᠭᠰᠢ ᠴᠤᠭᠯᠠᠭᠠᠨ ᠬᠢᠳᠡᠭ᠃ ᠡᠶᠢᠮᠦᠷᠬᠦᠤ ᠰᠠᠶᠢᠬᠠᠨ ᠪᠤᠶᠠᠨ ᠬᠡᠰᠢᠭ ᠲᠡᠯᠭᠡᠷᠡᠵᠦ᠂ ᠢᠷᠦᠬᠡᠯ ᠵᠦᠩᠨᠡᠯ ᠤᠨᠳᠤᠷᠤᠭᠰᠠᠨ ᠠᠳᠤᠭᠤᠨ ᠰᠤᠶᠤᠯ ᠤᠨ ᠴᠤᠭᠯᠠᠭᠠᠨ ᠳᠤ ᠭᠤᠣᠯᠳᠠᠭᠤ ᠦᠷᠢᠶ᠎ᠡ ᠬᠠᠭᠠᠷᠢᠬᠤ᠂ ᠠᠳᠤᠭᠤ ᠲᠠᠮᠠᠭᠠᠯᠠᠬᠤ᠂ ᠠᠳᠤᠭᠤ ᠲᠡᠯᠯᠡᠬᠦ᠂ ᠡᠮᠨᠢᠭ ᠰᠤᠷᠭᠠᠬᠤ᠂ ᠮᠤᠷᠢᠨ ᠮᠡᠷᠭᠡᠵᠢᠯ ᠤᠨ ᠦᠵᠡᠬᠦᠯᠬᠡ ᠵᠡᠷᠬᠡ ᠠᠵᠢᠯᠯᠠᠭ᠎ᠠ ᠶᠠᠪᠤᠭᠳᠠᠭᠤᠯᠳᠠᠭ᠃ ᠡᠬᠦᠨ ᠢᠶᠠᠷ ᠳᠠᠮᠵᠢᠵᠦ ᠵᠠᠯᠠᠭᠤ ᠬᠥᠮᠦᠨ ᠤ ᠮᠤᠷᠢ ᠤᠷᠭᠠᠯᠠᠬᠤ ᠮᠡᠷᠭᠡᠵᠢᠯ ᠪᠠ ᠡᠮᠨᠢᠭ ᠰᠤᠷᠭᠠᠬᠤ ᠴᠢᠳᠠᠪᠤᠷᠢ ᠶᠢ ᠪᠤᠯᠪᠠᠰᠤᠷᠠᠭᠤᠯᠳᠠᠭ ᠢᠶᠠᠷ ᠪᠠᠷᠠᠬᠤ ᠦᠭᠡᠢ᠂ ᠮᠠᠯᠴᠢᠳ ᠥᠪᠡᠷ ᠥᠪᠡᠷ ᠤᠨ ᠮᠤᠷᠢᠨ ᠤ ᠡᠳ᠋ᠯᠡᠯ ᠪᠠ ᠤᠷᠭ᠎ᠠ ᠶᠢᠨ ᠢᠶᠠᠨ ᠤᠷᠳᠤ ᠤᠬᠤᠷ ᠤᠶᠠᠨ ᠵᠦᠭᠡᠯᠡᠨ ᠢ ᠭᠠᠶᠢᠬᠠᠭᠤᠯᠳᠠᠭ᠃ ᠮᠤᠩᠭᠤᠯᠴᠤᠳ ᠤᠨ ᠠᠳᠤᠭᠤᠨ ᠰᠣᠶᠣᠯ ᠤᠨ ᠨᠠᠭᠠᠳᠤᠮ ᠨᠢ ᠲᠠᠯ᠎ᠠ ᠨᠤᠲᠤᠭ ᠤᠨ ᠡᠷᠡᠭᠲᠡᠶᠢᠴᠦᠳ ᠤᠨ ᠡᠷ᠎ᠡ ᠬᠦᠴᠦ ᠪᠤᠯᠤᠨ ᠡᠷᠡᠮᠡᠭ ᠤᠬᠠᠭᠠᠨ ᠢ ᠰᠢᠯᠭᠠᠬᠤ ᠮᠥᠷᠦ᠋ᠢᠴᠡᠭᠡᠨ ᠶᠤᠮ᠂ ᠮᠥᠨ ᠴᠦ ᠲᠠᠯ᠎ᠠ ᠨᠤᠲᠤᠭ ᠤᠨ ᠡᠮᠡᠭᠲᠡᠶᠢᠴᠦᠳ ᠤᠨ ᠭᠠᠷ ᠤᠷᠠᠨ ᠢ ᠭᠠᠶᠢᠬᠠᠭᠤᠯᠬᠤ ᠲᠠᠪᠴᠠᠩ ᠪᠤᠯᠬᠤ ᠶᠤᠮ᠃            ᠡᠷᠳᠡᠨᠢᠰᠠᠩ ᠤᠨ ᠬᠢᠨ ᠪᠣᠯ ᠵᠠᠷᠤᠳ ᠬᠤᠰᠢᠭᠤᠨ ᠤ ᠤᠯᠠᠭᠠᠨᠬᠠᠳᠠ ᠰᠤᠮᠤᠨ ᠤ ᠬᠤᠩᠬᠠᠳᠦ ᠭᠠᠴᠠᠭ᠎ᠠ ᠶᠢᠨ ᠠᠳᠤᠭᠤ ᠲᠡᠵᠢᠬᠡᠬᠦ ᠲᠣᠮᠣ ᠡᠷᠦᠬᠡ ᠪᠣᠯᠤᠨ᠎ᠠ᠃ ᠳᠡᠳᠡᠨ ᠤ ᠬᠢᠨ 100 ᠭᠠᠷᠤᠶ ᠮᠣᠩᠭᠤᠯ ᠮᠣᠷᠢ ᠲᠡᠵᠢᠬᠡᠨ᠂ ᠬᠡᠬᠦᠤ ᠰᠠᠭᠠᠵᠦ ᠴᠡᠭᠡ ᠪᠤᠷᠤᠯᠠᠭᠤᠯᠬᠤ ᠪᠠ ᠤᠨᠠᠭ᠎ᠠ ᠬᠤᠳᠠᠯᠳᠤᠵᠦ ᠵᠢᠯ ᠳᠤ 20 ᠲᠦᠮᠡᠨ ᠲᠥᠭᠦᠷᠢᠭ ᠤᠨ ᠤᠷᠤᠯᠭ᠎ᠠ ᠤᠯᠳᠠᠭ ᠪᠠᠶᠢᠨ᠎ᠠ᠃ ᠡᠷᠳᠡᠨᠢᠰᠠᠩ ᠪᠠᠰᠠ ᠤᠯᠠᠮᠵᠢᠯᠠᠯᠲᠤ ᠠᠳᠤᠭᠤᠨ ᠰᠣᠶᠣᠯ ᠤᠨ ᠲᠤᠭᠤᠷᠢᠨ ᠳᠤ ᠴᠡᠭᠡ ᠪᠠ ᠰᠠᠭᠠᠯᠢ ᠶᠢᠨ ᠠᠷᠢᠬᠢ ᠬᠢᠬᠦ ᠤᠯᠠᠮᠵᠢᠯᠠᠯᠳᠦ ᠤᠷ᠎ᠠ ᠮᠡᠷᠭᠡᠵᠢᠯ ᠢ ᠦᠪᠯᠡᠨ ᠵᠠᠯᠭᠠᠮᠵᠢᠯᠠᠵᠦ᠂ ᠠᠳᠤᠭᠤᠨ ᠤ ᠠᠵᠤ ᠦᠢᠯᠡᠰ ᠢᠶᠠᠨ ᠪᠤᠵᠠᠭᠠᠶᠢᠷᠠᠭᠤᠯᠤᠨ ᠬᠦᠴᠦᠷᠬᠡᠭᠵᠢᠭᠦᠯᠵᠦ᠂ ᠠᠳᠤᠭᠤᠨ ᠰᠣᠶᠣᠯ ᠤᠨ ᠬᠥᠭᠵᠢᠯᠲᠡ ᠶᠢ ᠠᠬᠢᠭᠤᠯᠵᠦ ᠪᠤᠢ᠃ 7 ᠰᠠᠷ᠎ᠠ ᠶᠢᠨ 1᠎ ᠤ ᠡᠳᠦᠷ᠂ ᠡᠷᠳᠡᠨᠢᠰᠠᠩ ᠤᠶᠢᠷ᠎ᠠ ᠬᠠᠪᠢ ᠶᠢᠨ ᠮᠠᠯᠴᠢᠳ ᠢᠶᠠᠨ ᠵᠣᠬᠢᠶᠠᠨ ᠪᠠᠶᠢᠭᠤᠯᠤᠨ ᠠᠳᠤᠭᠤ ᠳᠠᠮᠠᠭᠠᠯᠠᠬᠤ ᠠᠵᠢᠯᠯᠠᠭ᠎ᠠ ᠦᠷᠨᠢᠬᠦᠯᠦᠭᠰᠡᠨ ᠪᠠᠶᠢᠨ᠎ᠠ᠃ ᠬᠦᠯᠦᠭ ᠤᠨ ᠨᠢᠷᠦᠭᠤᠨ ᠳᠤ ᠬᠡᠶᠢᠮᠦᠷᠢ ᠰᠡᠷᠬᠦᠭᠡᠵᠦ ᠶᠠᠪᠤᠭᠰᠠᠨ ᠬᠠᠰᠢᠷ ᠠᠳᠤᠭᠤᠴᠢᠳ ᠤᠷᠭ᠎ᠠ ᠰᠤᠭᠰᠤᠯᠵᠠᠭᠤᠯᠤᠨ ᠠᠳᠤᠭᠤ ᠤᠷᠭᠠᠯᠠᠨ᠂ ᠠᠳᠤᠭᠤ ᠤᠨᠠᠭᠠᠵᠦ ᠡᠷ᠎ᠠ ᠬᠦᠴᠦ ᠪᠠᠨ ᠰᠢᠯᠭᠠᠯᠴᠠᠨ᠂ ᠬᠦᠮᠦᠰ ᠤᠨ ᠬᠠᠰᠬᠢᠷᠤᠯᠳᠤᠬᠤ ᠳᠠᠭᠤᠨ᠂ ᠠᠳᠤᠭᠤ ᠢᠨᠴᠠᠭᠠᠬᠤ ᠳᠠᠭᠤᠨ᠂ ᠮᠤᠷᠢᠨ ᠳᠤᠭᠤᠷᠠᠢ ᠶᠢᠨ ᠳᠦᠪᠡᠷᠬᠡᠨ ᠠᠭᠱᠠᠨ ᠵᠠᠭᠤᠷ᠎ᠠ ᠳᠡᠯ᠎ᠠ ᠨᠤᠳᠤᠭ ᠢ ᠬᠦᠷ ᠬᠦᠭᠵᠢᠶᠡᠨ ᠢᠶᠠᠷ ᠪᠢᠯᠬᠠᠭᠤᠯᠪᠠ᠂ ᠬᠡᠳᠦᠨ ᠵᠠᠯᠠᠭᠤ ᠤᠷᠭᠠᠯᠠᠭᠰᠠᠨ ᠮᠣᠷᠢ ᠪᠠᠨ ᠭᠠᠵᠠᠷ ᠤᠨᠠᠭᠠᠵᠦ᠂ ᠤᠯᠠᠶᠢᠭᠰᠠᠨ ᠲᠠᠮᠠᠭ᠎ᠠ ᠪᠠᠨ ᠪᠠᠷᠢᠵᠦ ᠠᠳᠤᠭᠤᠨ ᠲᠠᠰᠢᠶ᠎ᠠ ᠳᠤ ᠲᠠᠮᠠᠭᠠᠯᠠᠨ᠎ᠠ᠃ ︵ᠰᠠᠷᠠᠯᠠᠩ︶  
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号