ᠬᠥᠳᠡᠭᠡ ᠲᠠᠯ᠎ᠠ ᠶᠢᠨ ᠦᠵᠡᠰᠬᠦᠯᠡᠩ
ᠨᠡᠶᠢᠲᠡᠯᠡᠭᠰᠡᠨ ᠴᠠᠭ᠄
2019-01-07
     ᠬᠦᠨᠳᠡᠢ ᠲᠠᠯ᠎ᠠ ᠶᠢᠨ ᠵᠡᠷᠭᠡᠯᠭᠡᠨ ᠮᠢᠷᠠᠯᠵᠠᠨ ᠵᠢᠷᠪᠢᠭᠢᠨᠡᠬᠦ ᠶᠢᠨ ᠳᠤᠮᠳᠠ ᠬᠡᠳᠦᠨ ᠶᠠᠭᠤᠮ᠎ᠠ ᠰᠦᠮᠡᠯᠵᠡᠨ ᠦᠵᠡᠭᠳᠡᠬᠦ ᠨᠢ ᠬᠠᠷᠢ ᠭᠠᠵᠠᠷ ᠤᠨ ᠠᠶᠠᠨ ᠤ ᠬᠦᠮᠦᠨ ᠳᠤ ᠨᠢᠳᠦᠨ ᠳᠤ ᠶᠠᠭᠠᠬᠢᠨ ᠲᠠᠨᠢᠭᠳᠠᠨ᠎ᠠ᠃ ᠬᠤᠷᠳᠤᠯᠠᠨ ᠳᠣᠪᠲᠤᠯᠬᠤ ᠠᠭᠤᠷ ᠤᠨ ᠲᠡᠷᠭᠡᠨ ᠤ ᠡᠮᠦᠨ᠎ᠡ ᠠᠴᠠ ᠨᠠᠮᠤᠷ ᠤᠨ ᠰᠠᠯᠬᠢ ᠬᠦᠴᠦᠲᠠᠢ ᠦᠯᠢᠶᠡᠬᠦ ᠳᠤ ᠬᠤᠶᠠᠷ ᠨᠢᠳᠦᠨ ᠳᠤ ᠨᠢᠯᠪᠤᠰᠤ ᠭᠢᠯᠳᠦᠭᠡᠨᠡᠨ ᠬᠤᠯᠠ ᠶᠢᠨ ᠪᠠᠷ᠎ᠠ ᠶᠢ ᠬᠠᠷᠠᠵᠤ ᠶᠠᠳᠠᠨ᠎ᠠ᠃      ᠡᠪᠦᠭᠡᠨ ᠵᠢᠯᠣᠭᠤᠴᠢ ᠤᠬᠤᠰᠬᠢᠨ ᠬᠡᠢ ᠨᠡᠮᠡᠬᠦ ᠳᠤ ᠳᠦᠷᠪᠡᠨ ᠬᠦᠷᠳᠦ ᠴᠢᠯᠦᠭᠡ ᠵᠠᠪ ᠦᠭᠡᠢ ᠡᠷᠭᠢᠯᠳᠦᠨ᠎ᠡ  ᠃ ᠪᠦᠷᠲᠦᠯᠵᠡᠨ ᠬᠠᠷᠠᠭᠳᠠᠭᠴᠢ ᠪᠠᠷ᠎ᠠ ᠨᠢᠭᠡ ᠦᠶ᠎ᠡ ᠳᠠᠯᠳᠠ ᠣᠷᠤᠵᠤ᠂ ᠨᠢᠭᠡ ᠦᠶ᠎ᠡ ᠢᠯᠡ ᠭᠠᠷᠤᠨ᠎ᠠ᠃ ᠤᠳᠠᠯ ᠦᠭᠡᠢ ᠠᠯᠲᠠᠨ ᠭᠠᠨᠵᠢᠷ᠎ᠠ ᠨᠤᠭᠤᠳ ᠪᠦᠷᠲᠦᠯᠵᠡᠨ ᠴᠣᠬᠤᠶᠢᠵᠤ ᠥᠷᠯᠦᠭᠡᠨ ᠤ ᠨᠠᠷᠠᠨ ᠤ ᠭᠡᠷᠡᠯ ᠳᠤ ᠦᠵᠡᠰᠬᠦᠯᠡᠩ ᠲᠠᠢ ᠭᠢᠯᠠᠯᠵᠠᠨ᠎ᠠ᠃       ᠲᠡᠷᠡ ᠬᠦ ᠬᠡᠶᠢᠳ ᠤᠨ ᠰᠤᠪᠤᠷᠭ᠎ᠠ ᠶᠢᠨ ᠲᠡᠨᠳᠡ ᠭᠠᠶᠢᠬᠠᠮᠰᠢᠭ ᠲᠠᠢ ᠮᠠᠨᠵᠢᠯᠭ᠎ᠠ ᠴᠠᠮᠬᠠᠭ ᠲᠤ ᠡᠯᠭᠦᠭᠰᠡᠨ ᠬᠤᠩᠬᠤᠨ ᠤ ᠳᠠᠭᠤ ᠨᠢ ᠬᠠᠩᠭᠢᠨᠠᠨ ᠵᠢᠩᠭᠢᠨᠠᠨ᠎ᠠ᠃ ᠪᠦᠷᠢᠶ᠎ᠡ ᠪᠢᠰᠭᠢᠭᠦᠷ ᠤᠨ ᠳᠠᠭᠤᠨ ᠦᠷᠭᠦᠯᠵᠢᠯᠡᠨ ᠳᠦᠩᠭᠢᠨᠡᠨ᠎ᠡ᠃ ᠴᠠᠮ ᠴᠠᠬᠠᠷ ᠪᠦᠵᠢᠭᠯᠡᠵᠦ ᠪᠠᠶᠢᠭ᠎ᠠ ᠶᠤᠮ ᠪᠠᠶᠢᠨ᠎ᠠ᠃ ᠬᠦᠳᠡᠭᠡ ᠶᠢᠨ ᠬᠦᠮᠦᠰ ᠬᠡᠳᠦ ᠬᠡᠳᠦᠨ ᠵᠠᠭᠤ ᠪᠠᠷ ᠬᠤᠷᠠᠯᠳᠤᠭᠠᠳ ᠡᠷᠢᠶᠡᠨ ᠮᠠᠷᠢᠶᠠᠨ ᠢ ᠡᠮᠦᠰᠴᠤ ᠡᠶᠢᠰᠢ ᠲᠡᠶᠢᠰᠢ ᠵᠥᠷᠢᠯᠳᠦᠨ᠎ᠡ᠃      ᠰᠦᠯᠵᠢᠯᠳᠦᠨ ᠳᠠᠪᠬᠢᠯᠳᠤᠬᠤ ᠬᠦᠳᠡᠭᠡ ᠶᠢᠨ ᠬᠦᠮᠦᠰ ᠤᠨ ᠴᠡᠩᠬᠡᠯ ᠨᠢ ᠮᠢᠨᠤ ᠰᠡᠳᠬᠢᠯ ᠢ ᠳᠠᠷᠤᠢ ᠪᠠᠭ᠋ᠠᠲᠤᠭᠤᠯᠵᠤ᠂ ᠰᠠᠩ ᠪᠠᠶᠢᠰᠠ ᠶᠢᠨ ᠮᠣᠷᠢᠨ ᠤ ᠰᠠᠶᠢᠬᠠᠨ ᠨᠢ ᠮᠢᠨᠦ ᠳᠤᠷ᠎ᠠ ᠶᠢ ᠬᠥᠪᠰᠦᠯᠵᠡᠭᠦᠯᠦᠨ ᠬᠦᠳᠡᠯᠭᠡᠨ᠎ᠡ᠃ ᠮᠣᠩᠭᠤᠯ ᠭᠠᠵᠠᠷ ᠮᠢᠨᠢ ᠠᠭᠤᠵᠢᠮ ᠶᠤᠮ ᠡ᠃ ᠮᠠᠰᠢ ᠰᠠᠶᠢᠬᠠᠨ ᠮᠣᠷᠢ ᠲᠠᠢ ᠶᠤᠮ ᠡ᠃ ᠮᠣᠷᠢ ᠪᠠᠨ ᠤᠨᠤᠭᠠᠳ ᠳᠠᠪᠬᠢᠬᠤ ᠳᠤ  ᠮᠠᠨ  ᠴᠤᠭ ᠵᠠᠯᠢ ᠰᠡᠷᠭᠦᠨ᠎ᠡ᠃      ᠡᠶᠢᠰᠢ ᠪᠠᠨ ᠰᠢᠷᠲᠡᠵᠦ ᠲᠡᠶᠢᠰᠢ ᠪᠠᠨ ᠬᠦᠯᠢᠶᠡᠨ᠂ ᠡᠭᠦᠨ ᠢ ᠭᠠᠶᠢᠬᠠᠵᠤ ᠲᠡᠭᠦᠨ ᠢ ᠪᠣᠳᠤᠭᠰᠠᠭᠠᠷ ᠶᠠᠪᠤᠲᠠᠯ᠎ᠠ᠂ ᠣᠯᠠᠨ ᠮᠣᠷᠢ ᠲᠠᠢ ᠬᠥᠮᠥᠰ ᠤᠨ ᠳᠤᠮᠳᠠᠭᠤᠷ ᠨᠢᠭᠡᠨ ᠰᠠᠶᠢᠬᠠᠨ ᠰᠠᠷᠠᠯ ᠮᠣᠷᠢᠨ ᠤ ᠲᠣᠯᠣᠭᠠᠢ ᠲᠡᠮᠡᠦᠯᠦᠨ ᠠᠮᠠ ᠨᠢ ᠠᠩᠭᠠᠯᠵᠠᠵᠤ᠂ ᠬᠤᠶᠠᠷ ᠴᠢᠬᠢ ᠨᠢ ᠰᠣᠯᠪᠢᠯᠴᠠᠨ ᠦᠵᠡᠭᠳᠡᠬᠦ ᠳᠤ ᠬᠡᠳᠦᠶᠢᠨ ᠮᠢᠨᠤ ᠬᠤᠶᠠᠷ ᠨᠢᠳᠦᠨ ᠳᠤ ᠭᠡᠷᠡᠯᠲᠦᠨ ᠲᠤᠰᠪᠠ᠃ ᠨᠢᠭᠡ ᠵᠠᠯᠠᠭᠤ ᠬᠡᠦᠬᠡᠨ ᠵᠢᠯᠣᠭᠤ ᠶᠢ ᠳᠤᠭᠲᠤᠷᠤᠨ ᠵᠢᠳᠬᠦᠭᠦᠯᠦᠭᠰᠡᠭᠡᠷ ᠭᠠᠷᠴᠤ ᠢᠷᠡᠬᠦ ᠨᠢ ᠵᠡᠷᠯᠢᠭ ᠪᠤᠭᠤ ᠶᠢᠨ ᠠᠳᠠᠯᠢ ᠥᠩᠭᠡᠲᠡᠢ ᠪᠠ ᠴᠤᠭ ᠵᠠᠯᠢ ᠭᠡᠷᠡᠯᠲᠠᠢ ᠵᠢᠪᠬᠤᠯᠠᠩ ᠲᠠᠢ ᠨᠢ ᠲᠦᠮᠡᠨr ᠪᠠᠭᠠᠲᠤᠳ ᠡᠷᠡᠰ ᠤᠨ ᠪᠤᠯᠪᠠᠴᠤ ᠵᠢᠷᠦᠬᠡ ᠶᠢ ᠴᠡᠴᠡᠷᠡᠭᠦᠯᠦᠨ ᠳᠣᠭᠳᠤᠯᠤᠭᠤᠯᠵᠤ᠂ ᠲᠥᠪ ᠡᠷᠳᠡᠮᠲᠡᠨ ᠣᠶᠤᠲᠠᠨ ᠤ ᠪᠤᠯᠪᠠᠴᠤ ᠬᠦᠰᠡᠯ ᠢ ᠬᠤᠯᠢᠪᠠᠯᠵᠠᠭᠤᠯᠤᠨ ᠲᠠᠲᠠᠨ᠎ᠠ᠃      ᠴᠠᠭᠠᠨ ᠰᠠᠷᠠᠯ ᠮᠣᠷᠢᠨ ᠤ ᠨᠢᠷᠤᠭᠤᠨ ᠳᠡᠭᠡᠷ᠎ᠡ ᠨᠣᠭᠤᠭᠠᠨ ᠭᠦᠯᠢᠮ ᠲᠠᠢ ᠪᠤᠷᠵᠢᠭᠢᠨ ᠶᠠᠩᠵᠦ ᠶᠢᠨ ᠡᠮᠡᠭᠡᠯ ᠢ ᠳᠣᠬᠤᠭᠰᠠᠨ ᠨᠢ ᠬᠤᠯᠠᠬᠢ ᠭᠠᠵᠠᠷ ᠤᠨ ᠬᠥᠯᠦᠭ ᠤᠨ ᠥᠩᠭᠡ ᠢᠯᠭᠠᠷᠠᠨ ᠦᠵᠡᠰᠬᠦᠯᠡᠩ ᠪᠦᠷᠢᠳᠦᠭᠡᠳ᠂ ᠲᠡᠭᠦᠨ ᠤ ᠳᠡᠭᠡᠷ᠎ᠡ ᠵᠠᠯᠠᠭᠤ ᠥᠬᠢᠨ ᠬᠤᠷᠮᠠᠢ ᠶᠢ ᠴᠠᠮᠴᠠᠶᠢᠲᠠᠯ᠎ᠠ᠂ ᠭᠤᠶ᠎ᠠ ᠶᠢ ᠮᠦᠯᠴᠢᠢᠯᠭᠡᠨ ᠣᠷᠢᠶᠠᠭᠠᠳ ᠬᠥᠨᠳᠡᠯᠡᠨ ᠰᠠᠭᠤᠵᠠᠢ᠃ ᠦᠵᠡᠪᠡᠯ ᠨᠠᠰᠤ ᠠᠷᠪᠠᠨ ᠨᠠᠢᠮᠠ᠂ ᠵᠢᠰᠦ ᠰᠢᠨ᠎ᠡ ᠰᠠᠷᠠᠨ ᠤ ᠠᠳᠠᠯᠢ ᠬᠤᠷᠴᠠ ᠲᠤᠩᠭᠠᠯᠠᠭ ᠭᠡᠷᠡᠯᠲᠤᠨ᠎ᠡ᠃ ᠤᠷᠲᠤ ᠬᠠᠷ᠎ᠠ ᠭᠡᠵᠢᠭᠡ ᠶᠢ ᠭᠤᠷᠪᠠ ᠪᠠᠷ ᠳᠠᠷᠤᠨ ᠤᠨᠵᠢᠭᠤᠯᠵᠤ᠂ ᠤᠯᠠᠪᠤᠷ ᠰᠢᠷ᠎ᠠ ᠳᠣᠷᠳᠤᠩ ᠠᠯᠴᠢᠭᠤᠷ ᠢᠶᠠᠷ ᠲᠣᠯᠤᠭᠠᠢ ᠪᠠᠨ ᠣᠷᠢᠶᠠᠨ᠂ ᠥᠷᠦᠭᠡᠰᠦᠨ ᠨᠢᠳᠦᠨ ᠤ ᠳᠡᠭᠡᠷ᠎ᠡ ᠲᠠᠯ᠎ᠠ ᠳᠡᠭᠡᠷ᠎ᠡ ᠬᠡᠯᠲᠡᠬᠡᠢ ᠵᠠᠩᠭᠢᠯᠠᠨ ᠦᠵᠦᠭᠦᠷ ᠢ ᠤᠨᠵᠢᠯᠠᠭᠤᠯᠤᠭᠰᠠᠨ ᠨᠢ ᠵᠠᠯᠠᠭᠤ ᠪᠦᠰᠡᠭᠦᠢ ᠶᠢᠨ ᠳᠡᠭᠵᠢᠨ ᠪᠠᠶᠢᠳᠠᠯ ᠢ ᠦᠵᠡᠭᠦᠯᠵᠡᠢ᠃ ᠴᠠᠶᠢᠪᠤᠷ ᠥᠩᠭᠡᠲᠠᠢ ᠵᠥᠭᠡᠯᠡᠨ ᠴᠢᠷᠠᠢ ᠨᠢ ᠵᠤᠨ ᠤ ᠨᠠᠷᠠᠨ ᠳᠤ ᠪᠣᠷᠤᠯᠠᠭᠠᠳ ᠬᠤᠶᠠᠷ ᠬᠠᠴᠠᠷ ᠲᠤ ᠨᠢ ᠤᠯᠠᠭᠠᠨ ᠲᠤᠶᠠᠭ᠎ᠠ ᠲᠤᠰᠴᠠᠢ᠃ ᠬᠠᠷᠠᠬᠤ ᠨᠢᠳᠦᠨ ᠤ ᠬᠠᠷ᠎ᠠ ᠴᠠᠭᠠᠨ ᠨᠢ ᠬᠤᠣᠰᠯᠠᠭᠠᠳ᠂ ᠬᠤᠲᠠ ᠶᠢᠨ ᠵᠠᠯᠠᠭᠤ ᠬᠦᠮᠦᠨ ᠤ ᠳᠡᠭᠡᠷ᠎ᠡ ᠡᠶᠡᠯᠳᠡᠭ ᠢᠶᠠᠷ ᠬᠥᠳᠡᠯᠬᠦ ᠲᠤᠲᠤᠮ ᠳᠤ ᠮᠢᠨᠤ ᠨᠢᠳᠦ ᠡᠷᠬᠡ ᠦᠭᠡᠢ ᠳᠠᠭᠠᠯᠳᠤᠨ ᠳᠠᠪᠬᠢᠨ᠎ᠠ᠃      ᠡᠩᠭᠡᠷ ᠨᠢᠳᠤᠷᠭ᠎ᠠ ᠶᠢ ᠬᠠᠷ᠎ᠠ ᠲᠣᠷᠭ᠎ᠠ ᠪᠠᠷ ᠡᠮᠵᠢᠵᠦ᠂ ᠨᠠᠷᠢᠬᠠᠨ ᠬᠤᠰᠢᠮᠤᠭ ᠲᠠᠯᠪᠢᠭᠰᠠᠨ ᠬᠦᠷᠡᠩ ᠶᠠᠭᠠᠨ ᠴᠢᠰᠴᠠᠤ ᠳᠡᠪᠡᠯ ᠢ ᠡᠮᠦᠰᠦᠭᠰᠡᠨ᠂ ᠵᠡᠭᠦᠨ ᠬᠠᠨᠴᠤ ᠳᠣᠲᠤᠷ᠎ᠠ ᠠᠴᠠ ᠨᠠᠷᠢᠬᠠᠨ ᠬᠤᠷᠤᠭᠤ ᠶᠢ ᠴᠣᠬᠤᠶᠢᠯᠭᠠᠨ ᠵᠢᠯᠣᠭᠤ ᠴᠣᠯᠪᠤᠭᠤᠷ ᠢ ᠬᠤᠭᠤᠰ ᠪᠠᠷᠢᠨ ᠠᠳᠬᠤᠭᠠᠳ᠂ ᠪᠠᠷᠠᠭᠤᠨ ᠬᠠᠨᠴᠤ ᠪᠠᠨ ᠰᠤᠯᠠ ᠲᠠᠯᠪᠢᠨ ᠲᠡᠭᠦᠨ ᠤ ᠳᠣᠲᠤᠷ᠎ᠠ ᠭᠠᠷ ᠢᠶᠠᠨ ᠨᠢᠭᠤᠨ ᠲᠠᠰᠢᠶ᠎ᠠ ᠪᠠᠨ ᠲᠤᠯᠵᠤ᠂ ᠪᠠᠭᠤᠯᠭᠠᠭᠰᠠᠨ ᠲᠣᠮᠤ ᠨᠢᠳᠤᠷᠭ᠎ᠠ ᠶᠢ ᠳᠠᠯᠪᠠᠶᠢᠯᠭᠠᠨ ᠪᠦᠷᠬᠦᠭᠦᠯᠦᠭᠰᠡᠨ ᠎ ᠨᠢ ᠰᠢᠨ᠎ᠡ ᠴᠠᠭ ᠤᠨ ᠬᠡᠭᠡᠨᠴᠢᠷ ᠪᠠᠶᠢᠳᠠᠯ ᠢ ᠭᠠᠶᠢᠬᠠᠭᠤᠯᠵᠠᠢ᠃ ᠬᠤᠭᠤᠯᠠᠢ ᠶᠢᠨ ᠲᠣᠪᠴᠢ ᠶᠢ ᠵᠠᠳᠠᠭᠠᠢ ᠲᠠᠯᠪᠢᠭᠰᠠᠨ ᠤ ᠳᠣᠲᠤᠭᠤᠷ ᠬᠠᠷ᠎ᠠ ᠳᠣᠷᠳᠤᠩ ᠢᠶᠠᠷ ᠪᠦᠭᠡᠷᠡᠩᠬᠡᠶᠢᠯᠡᠨ ᠡᠮᠵᠢᠭᠰᠡᠨ ᠴᠠᠶᠢᠪᠤᠷ ᠰᠢᠷ᠎ᠠ ᠳᠣᠷᠳᠤᠩ ᠴᠠᠮᠴᠠᠨ ᠤ ᠵᠠᠬ᠎ᠠ ᠴᠣᠬᠤᠶᠢᠵᠤ᠂ ᠲᠡᠭᠦᠨ ᠤ ᠳᠣᠲᠤᠷ᠎ᠠ ᠨᠢᠮᠭᠡᠨ ᠴᠠᠭᠠᠨ ᠬᠥᠷᠦᠰᠦ ᠲᠠᠢ ᠭᠤᠸ᠎ᠠ ᠬᠦᠵᠦᠭᠦᠦ ᠦᠵᠡᠭᠳᠡᠬᠦ ᠁ ᠶᠤᠮ᠃      ᠰᠢᠷ᠎ᠠ ᠪᠡᠵᠢᠭᠡᠷ ᠪᠦᠰᠡ ᠶᠢ ᠱᠠᠪ ᠬᠢᠲᠡᠯ᠎ᠡ ᠣᠷᠢᠶᠠᠭᠠᠳ᠂ ᠤᠭᠠᠯᠵᠠ ᠲᠠᠢ ᠱᠦᠩᠬᠦᠷ ᠭᠤᠲᠤᠯ ᠢ ᠳᠥᠷᠦᠭᠡᠨ ᠤ ᠳᠤᠮᠳᠠ ᠲᠡᠰ ᠬᠢᠲᠡᠯ᠎ᠡ ᠵᠢᠭᠰᠡᠨ ᠨᠢ ᠲᠠᠯ᠎ᠠ ᠶᠢᠨ ᠢᠳᠡᠷ ᠮᠠᠬᠠᠪᠤᠳ ᠢ ᠪᠠᠭ᠋ᠠᠷᠠᠭᠤᠯᠵᠠᠢ᠃ ᠵᠠᠯᠠᠭᠤ ᠬᠥᠮᠥᠨ ᠲᠡᠭᠦᠨ ᠤ ᠵᠠᠮ ᠢ ᠬᠥᠨᠳᠡᠯᠡᠨ ᠰᠠᠭᠠᠲᠠᠭᠤᠯᠵᠤ ᠬᠡᠳᠦᠨ ᠦᠭᠡ ᠠᠰᠠᠭᠤᠨ ᠬᠡᠯᠡᠯᠴᠡᠬᠦ ᠳᠤ ᠲᠠᠯ᠎ᠠ ᠭᠠᠵᠠᠷ ᠤᠨ ᠪᠠᠭ᠎ᠠ ᠥᠬᠢᠨ ᠵᠢᠯᠣᠭᠤ ᠶᠢ ᠲᠠᠲᠠᠵᠤ᠂ ᠳᠤᠷ᠎ᠠ ᠲᠠᠢ ᠪᠠᠷ ᠲᠥᠲᠡᠭᠡᠯᠵᠡᠨ ᠬᠠᠷᠢᠭᠤᠯᠤᠨ ᠥᠴᠢᠵᠦ ᠡᠨᠡ ᠲᠡᠷᠡ ᠶᠢ ᠯᠠᠪᠯᠠᠨ ᠰᠣᠨᠢᠷᠬᠠᠨ᠎ᠠ᠃      ᠲᠠᠰᠢᠶ᠎ᠠ ᠨᠢ ᠳᠠᠪᠬᠡᠶᠢᠵᠤ᠂ ᠬᠠᠪᠢᠷᠭᠠᠨ ᠤ ᠶᠠᠰᠤ ᠨᠢ ᠵᠤᠷᠠᠶᠢᠭᠰᠠᠨ ᠢᠯᠭᠤᠨ ᠰᠠᠷᠠᠯ ᠮᠣᠷᠢ ᠨᠢ ᠲᠣᠭᠲᠠᠵᠤ ᠶᠠᠳᠠᠨ᠂ ᠭᠤᠸ᠎ᠠ ᠰᠠᠶᠢᠬᠠᠨ ᠳᠦᠷᠪᠡᠨ ᠬᠥᠯ ᠢᠶᠠᠷ ᠢᠶᠠᠨ ᠡᠭᠡᠯᠵᠢᠯᠡᠨ ᠭᠠᠵᠠᠷ ᠴᠠᠪᠴᠢᠯᠠᠵᠤ᠂ ᠤᠷᠠᠨ ᠰᠠᠶᠢᠬᠠᠨ ᠲᠣᠯᠤᠭᠠᠢ ᠪᠠᠨ ᠡᠶᠢᠰᠢ ᠲᠡᠶᠢᠰᠢ ᠰᠠᠵᠢᠬᠤ ᠨᠢ ᠠᠭᠠᠷ ᠲᠤ ᠳᠡᠭᠳᠡᠵᠦ᠂ ᠡᠭᠦᠯᠡᠨ ᠳᠤ ᠤᠮᠪᠠᠨ ᠠᠯᠳᠠᠬᠤ ᠪᠣᠯᠪᠠᠴᠤ ᠳᠡᠭᠡᠷ᠎ᠡ ᠨᠢ ᠤᠨᠤᠭᠰᠠᠨ ᠦᠵᠡᠰᠬᠦᠯᠡᠩᠲᠦ ᠥᠬᠢᠨ ᠠᠵᠢᠭ ᠦᠭᠡᠢ ᠰᠠᠭᠤᠵᠤ ᠦᠭᠦᠯᠡᠯᠳᠦᠬᠦ ᠪᠦᠭᠡᠳ ᠦᠭᠡ ᠬᠡᠯᠡᠯᠴᠡᠨ ᠬᠢᠴᠢᠶᠡᠩᠭᠦᠶᠢᠯᠡᠨ ᠠᠭᠠᠰᠢᠯᠠᠬᠤ ᠨᠢ ᠪᠠᠭ᠎ᠠ ᠬᠡᠦᠬᠡᠳ ᠮᠡᠲᠤ ᠬᠥᠩᠭᠡᠮᠰᠦᠭ ᠡᠶᠡᠪᠡᠷᠭᠦᠦ᠂ ᠬᠠᠰ ᠤᠨ ᠥᠩᠭᠡᠲᠠᠢ ᠳᠦᠷᠪᠡᠯᠵᠢᠨ ᠴᠠᠭᠠᠰᠤ ᠰᠢᠳᠦ ᠪᠠᠨ ᠢᠷᠠᠯᠵᠠᠭᠤᠯᠤᠨ ᠦᠶ᠎ᠡ ᠦᠶ᠎ᠡ ᠢᠨᠢᠶᠡᠮᠰᠦᠭᠯᠡᠨ ᠮᠦᠰᠢᠶᠡᠨ᠎ᠡ᠃      ᠬᠡᠭᠡᠷ᠎ᠡ ᠲᠠᠯ᠎ᠠ ᠶᠢᠨ ᠳᠤᠮᠳᠠ ᠬᠥᠨᠳᠡᠯᠡᠨ ᠭᠤᠯᠳᠤ ᠳᠠᠪᠬᠢᠵᠤ᠂ ᠬᠥᠳᠡᠭᠡ ᠶᠢᠨ ᠰᠠᠷᠠᠭᠤᠯ ᠳᠤ ᠪᠡᠶ᠎ᠡ ᠪᠠᠨ ᠭᠠᠶᠢᠬᠠᠭᠤᠯᠤᠭᠰᠠᠨ ᠡᠶᠢᠮᠦ ᠨᠢᠭᠡ ᠦᠵᠡᠰᠭᠦᠯᠡᠩᠲᠦ ᠥᠬᠢᠨ ᠲᠠᠢ ᠤᠴᠠᠷᠠᠭᠠᠳ ᠬᠡᠷᠬᠢᠨ ᠰᠡᠳᠬᠢᠯ ᠬᠥᠳᠡᠯᠬᠦ ᠦᠭᠡᠢ ᠪᠠᠶᠢᠵᠤ ᠪᠣᠯᠬᠤ ᠠᠵᠢ᠃ ᠴᠢᠨᠡᠭᠡ ᠪᠠᠷ ᠢᠶᠠᠨ ᠬᠢᠴᠢᠶᠡᠩᠭᠦᠶᠢᠯᠡᠨ ᠬᠡᠯᠡᠯᠴᠠᠵᠤ ᠰᠣᠨᠢᠷᠬᠠᠯ ᠢ ᠲᠠᠯᠪᠢᠨ᠎ᠠ᠃ ᠦᠨᠳᠦᠷ ᠬᠠᠨ ᠤ ᠦᠪᠦᠷ ᠲᠤ ᠨᠤᠲᠤᠭᠯᠠᠳᠠᠭ ᠭᠡᠨ᠎ᠡ᠃ ᠥᠨᠥᠳᠦᠷ ᠲᠡᠨᠳᠡ ᠪᠠᠭᠤᠭᠰᠠᠨ ᠭᠡᠵᠦ ᠡᠮᠦᠨ᠎ᠡ ᠬᠦᠨᠳᠡᠢ ᠪᠠᠷ ᠤᠭᠠᠯᠵᠠᠯᠠᠭᠰᠠᠨ ᠡᠷᠢᠶᠡᠨ ᠮᠠᠶᠢᠬᠠᠨ ᠪᠦᠷᠦᠭ ᠪᠠᠷᠤᠭ ᠦᠵᠡᠭᠳᠡᠬᠦ ᠶᠢ ᠵᠢᠭᠠᠭᠠᠳ ᠳᠠᠷᠤᠢ ᠮᠣᠷᠢ ᠪᠠᠨ ᠲᠠᠰᠢᠭᠤᠷᠳᠠᠨ ᠬᠠᠷᠠᠶᠢᠯᠭᠠᠵᠤ ᠢᠰᠭᠡᠷᠦᠨ ᠬᠠᠲᠠᠷᠢᠭᠤᠯᠤᠭᠰᠠᠭᠠᠷ ᠣᠳᠪᠠ᠃ ᠬᠡᠷᠪᠡ ᠪᠢ ᠮᠣᠷᠢ ᠲᠠᠢ ᠪᠣᠯᠤᠭᠠᠳ ᠵᠠᠪ ᠲᠠᠢ ᠶᠠᠪᠤᠭᠰᠠᠨ ᠪᠣᠯ ᠳ᠋ᠠ ᠁                                                                       1931ᠣᠨ
 
ᠢᠷᠡᠯᠲᠡ᠄ ᠳ᠋᠊ ᠨᠠᠴᠤᠭᠳᠣᠷᠵᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号