ᠬᠠᠳᠠᠭ ᠤᠨ ᠲᠤᠬᠠᠢ ᠲᠤᠪᠴᠢ ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2019-03-20
     ᠬᠠᠳᠠᠭ ᠭᠡᠳᠡᠭ ᠨᠢ ᠶᠤᠰᠤᠯᠠᠯ ᠤᠨ ᠠᠯᠴᠢᠭᠤᠷ ᠬᠡᠭᠦ ᠤᠳᠬ᠎ᠠ ᠲᠠᠢ ᠲᠥᠪᠡᠳ ᠦᠭᠡ ᠪᠤᠯᠤᠨ᠎ᠠ᠃13 ᠳ᠋ᠤᠭᠠᠷ ᠵᠠᠭᠤᠨ ᠤ ᠦᠶ᠎ᠡ ᠳᠤ᠂ ᠶᠡᠭᠡ ᠶᠤᠸᠠᠨ ᠤᠯᠤᠰ ᠤᠨ ᠬᠤᠪᠢᠯᠠᠢ ᠬᠠᠭᠠᠨ ᠳᠤ ᠤᠯᠤᠰ ᠤᠨ ᠪᠠᠭᠰᠢ ᠬᠡᠮᠡᠨ ᠡᠷᠭᠦᠮᠵᠢᠯᠡᠭᠳᠡᠭᠰᠡᠨ ᠫᠠᠭᠪᠠ ᠯᠠᠮᠠ ᠶᠢᠨ ᠦᠶ᠎ᠡ ᠠᠴᠠ ᠡᠭᠢᠯᠡᠨ ᠮᠤᠩᠭᠤᠯᠴᠤᠳ ᠪᠠ ᠲᠥᠪᠡᠳᠴᠤᠳ ᠬᠠᠳᠠᠭ ᠢ ᠭᠥᠨᠳᠤᠳᠭᠡᠨ ᠬᠡᠷᠡᠭᠯᠡᠭᠦ ᠪᠤᠯᠵᠡᠢ᠃ ᠲᠤᠬᠠᠶᠢᠯᠠᠪᠠᠯ ᠲᠠᠭᠢᠯᠭ᠎ᠠ ᠲᠠᠭᠠᠳᠬᠠᠯ᠂ ᠠᠬᠠᠮᠠᠳ ᠨᠠᠰᠤᠳᠠᠨ ᠪᠤᠶᠤ ᠭᠥᠨᠳᠤᠳᠤ ᠵᠤᠴᠢᠨ ᠢᠶᠠᠨ ᠤᠷᠢᠵᠤ ᠵᠠᠯᠠᠬᠤ᠂ ᠤᠭᠳᠤᠵᠤ ᠦᠳᠡᠭᠦ᠂ ᠵᠤᠯᠭᠠᠵᠤ ᠮᠡᠨᠳᠤᠴᠢᠯᠡᠭᠦ᠂ ᠶᠤᠰᠣᠯᠠᠯ ᠭᠢᠭᠦ᠂ ᠪᠠᠶᠠᠷ ᠭᠥᠷᠭᠡᠭᠦ᠂ ᠵᠥᠩᠨᠡᠨ ᠢᠷᠤᠭᠡᠭᠦ᠂ ᠭᠥᠰᠡᠨ ᠨᠡᠶᠢᠳᠠᠬᠤ᠂ ᠪᠠᠶᠠᠷᠯᠠᠨ ᠲᠠᠯᠠᠷᠬᠠᠬᠤ᠂ ᠰᠠᠨᠠᠭ᠎ᠠ ᠪᠠᠨ ᠢᠯᠠᠳᠭᠡᠭᠦ ᠡᠰᠡᠭᠦᠯ᠎ᠡ ᠤᠢ ᠭᠠᠰᠢᠭᠤᠳᠠᠯ ᠤᠨ ᠰᠡᠳᠭᠢᠯᠭᠡ ᠪᠠᠨ ᠢᠯᠡᠳᠭᠡᠭᠦ ᠳᠤ ᠪᠥᠷ ᠬᠠᠳᠠᠭ ᠪᠠᠷᠢᠬᠤ ᠵᠤᠷᠰᠢᠯ ᠲᠠᠢ ᠪᠤᠯᠤᠭᠰᠠᠨ ᠪᠠᠶᠢᠨ᠎ᠠ᠃      ᠬᠠᠳᠠᠭ ᠤᠨ ᠬᠡᠯᠪᠡᠷᠢ ᠬᠡᠮᠵᠢᠶ᠎ᠡ ᠶᠢᠨ ᠬᠤᠪᠢ ᠳᠤ ᠨᠠᠷᠢᠨ ᠤᠷᠳᠤᠯᠢᠭ ᠶᠠᠩᠵᠤ ᠲᠠᠢ ᠪᠥᠭᠡᠳ ᠭᠢᠴᠡ ᠶᠢᠨ ᠲᠠᠯ᠎ᠠ ᠳᠤ ᠲᠤᠷᠭ᠎ᠠ ᠮᠢᠨᠳᠠᠰᠣ ᠮᠡᠳᠤ ᠶᠢᠨ ᠮᠠᠲ᠋ᠧᠷᠢᠶᠠᠯ ᠢᠶᠠᠷ ᠨᠢᠮᠭᠡᠬᠡᠨ ᠨᠡᠬᠡᠵᠤ᠂ ᠤᠯᠠᠩᠭᠢ ᠳᠠᠭᠠᠨ ᠴᠠᠭᠠᠨ᠂ ᠴᠡᠩᠬᠡᠷ ᠥᠩᠭᠡ ᠪᠠᠷ ᠭᠤᠤᠯᠯᠠᠭᠤᠯᠳᠠᠭ ᠤᠨ ᠬᠠᠮᠳᠤ ᠪᠠᠰᠠ ᠰᠢᠷ᠎ᠠ ᠥᠩᠭᠡ ᠶᠢᠨ ᠬᠠᠳᠠᠭ ᠪᠠᠶᠢᠳᠠᠭ᠃ ᠭᠡᠭᠦ ᠳᠡᠭᠡᠨ ᠡᠮᠤᠨᠡᠭᠢ ᠬᠤᠶᠠᠷ ᠥᠩᠭᠡ ᠭᠢᠨᠢ ᠤᠯᠠᠨ ᠭᠡᠷᠡᠭᠯᠡᠳᠡᠭ᠃ ᠭᠢᠴᠡ ᠶᠢᠨ ᠢᠯᠭᠠᠯ ᠢᠶᠠᠷ ᠨᠢ ᠰᠠᠮᠪᠠᠢ ᠬᠠᠳᠠᠭ᠂ ᠰᠤᠮᠤᠨ ᠬᠠᠳᠠᠭ᠂ ᠲᠡᠰᠢ ᠬᠠᠳᠠᠭ᠂ ᠠᠶᠤᠰᠢ ᠬᠠᠳᠠᠭ᠂ ᠸᠠᠩᠳᠠᠨ ︵ᠰᠤᠨᠤᠮ︶ ᠬᠠᠳᠠᠭ᠂ ᠨᠠᠩᠵᠢᠳ ᠬᠠᠳᠠᠭ ᠬᠡᠭᠦᠴᠢᠯᠡᠨ ᠠᠳᠠᠯᠢ ᠪᠤᠰᠤ ᠪᠠᠷ ᠨᠡᠷᠡᠯᠡᠳᠡᠭ᠃《ᠢᠳᠡᠭᠡᠨ ᠤ ᠲᠡᠭᠡᠵᠢ ᠡᠯᠢᠭᠡᠨ ᠴᠠᠭᠠᠨ ᠲᠠᠷᠠᠭ᠂ ᠡᠳ᠋ ᠤᠨ ᠲᠡᠭᠡᠵᠢ ᠠᠷᠢᠭᠤᠨ ᠴᠠᠭᠠᠨ ᠬᠠᠳᠠᠭ》ᠭᠡᠳᠡᠭ ᠰᠠᠨᠠᠭ᠎ᠠ ᠰᠡᠳᠭᠡᠯ ᠤᠨ ᠪᠡᠯᠭᠡᠳᠡᠯ ᠵᠥᠩ ᠢ ᠨᠢ ᠪᠠᠷᠢᠭᠠᠳ ᠡᠳ᠋ ᠤᠨ ᠵᠠᠰᠠᠭ ᠤᠨ ᠭᠢᠷᠢ ᠨᠥᠭᠦᠴᠡᠯ ᠢᠶᠠᠨ ᠥᠨᠳᠤᠰᠣᠯᠡᠨ ᠬᠡᠷᠡᠭᠯᠡᠳᠡᠭ ᠪᠤᠯᠪᠠ᠃      ᠬᠠᠳᠠᠭ ᠪᠠᠷᠢᠵᠤ ᠲᠠᠯᠪᠢᠬᠤ ᠳᠤ ᠤᠷᠴᠢᠨ ᠲᠤᠭᠤᠷᠢᠨ ᠪᠠ ᠨᠥᠭᠦᠭᠡ ᠡᠳᠡᠭᠡᠳ ᠤᠨ ᠢᠶᠠᠨ ᠪᠠᠶᠢᠳᠠᠯ ᠳᠤ ᠲᠤᠭᠢᠷᠠᠭᠤᠯᠤᠨ ᠤᠨᠳᠤᠤ ᠤᠨᠳᠤᠤ ᠶᠤᠰᠣᠯᠠᠯ ᠤᠨ ᠬᠡᠯᠪᠡᠷᠢ ᠲᠠᠢ ᠪᠠᠶᠢᠳᠠᠭ᠃ ᠭᠡᠪᠡᠴᠣ ᠶᠡᠷᠤᠩᠭᠡᠢ ᠳᠡᠭᠡᠨ ᠬᠠᠳᠠᠭ ᠡᠷᠭᠦᠭᠦ ᠪᠤᠶᠤ ᠭᠠᠷᠳᠠᠭᠤᠯᠬᠤ ᠳᠠᠭᠠᠨ ᠡᠷᠬᠡᠪᠡᠰᠢ ᠬᠠᠳᠠᠭ ᠤᠨ ᠠᠮᠠ ᠭᠤᠤᠯ ᠢᠶᠠᠷ ᠨᠢ ᠨᠤᠭᠤᠯᠤᠭᠰᠠᠨ ᠵᠠᠳᠠᠭᠠᠢ ᠲᠠᠯ᠎ᠠ ᠎ ᠶᠢ ᠭᠥᠯᠢᠶᠡᠨ ᠠᠪᠤᠭᠴᠢ ᠶᠢᠨ ᠥᠭᠡᠳᠡ ᠠᠴᠠ ᠬᠠᠨᠳᠤᠭᠤᠯᠤᠨ ᠬᠤᠶᠠᠷ ᠭᠠᠷ ᠤᠨ ᠠᠯᠭᠠᠨ ᠲᠡᠭᠡᠷ᠎ᠡ ᠪᠠᠨ ᠲᠡᠯᠭᠡᠨ ᠠᠯᠳᠠᠯᠠᠨ ᠪᠠᠷᠢᠵᠤ ᠭᠥᠢᠴᠡᠳᠭᠡᠳᠡᠭ᠃ ᠡᠨᠡ ᠨᠢ ᠠᠷᠢᠭᠤᠨ ᠴᠠᠭᠠᠨ ᠰᠡᠳᠭᠡᠯ ᠤᠨ ᠡᠭᠦᠳᠡᠨ ᠠᠴᠠ ᠪᠠᠷᠢᠵᠤ ᠪᠠᠶᠢᠭ᠎ᠠ ᠪᠡᠯᠡᠭ ᠭᠡᠰᠡᠨ ᠤᠳᠬ᠎ᠠ ᠲᠠᠢ᠃ ᠬᠠᠳᠠᠭ ᠭᠥᠯᠢᠶᠡᠨ ᠠᠪᠤᠭᠴᠢ ᠨᠢ ᠬᠤᠶᠠᠷ ᠭᠠᠷ ᠤᠨ ᠠᠯᠠᠭ᠎ᠠ ᠪᠠᠨ ᠲᠡᠭᠡᠭᠰᠢ ᠬᠠᠨᠳᠤᠭᠤᠯᠤᠨ ᠬᠡᠴᠢᠶᠡᠩᠭᠦᠶᠢᠯᠡᠨ ᠲᠤᠰᠴᠤ ᠠᠪᠤᠭᠠᠳ ᠡᠪᠳᠠᠢ ᠡᠪᠬᠡᠵᠤ ᠲᠠᠯᠪᠢᠳᠠᠭ᠃ ᠬᠠᠳᠠᠭ ᠢ ᠡᠷᠭᠢᠮ ᠠᠷᠢᠭᠤᠨ ᠎ ᠤ ᠲᠡᠭᠡᠵᠢ ᠪᠠᠷ ᠦᠵᠢᠳᠡᠭ ᠪᠤᠯᠬᠤᠷ ᠭᠥᠨᠳᠤᠳᠠᠢ ᠤᠷᠤᠨ ᠪᠠᠶᠢᠷᠢ ᠳᠤ ᠴᠡᠪᠡᠷ ᠲᠡᠭᠰᠢ ᠬᠠᠳᠠᠭᠠᠯᠠᠬᠤ ᠶᠢ ᠡᠷᠭᠢᠮᠯᠡᠳᠡᠭ᠃
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号