ᠮᠤᠩᠭᠤᠯ ᠭᠡᠷ ᠶᠢᠨ ᠲᠤᠬᠠᠢ ᠪᠤᠯᠤᠨ ᠮᠤᠩᠭᠤᠯ ᠭᠡᠷ ᠶᠢᠨ ᠢᠷᠤᠭᠡᠯ
ᠨᠡᠶᠢᠲᠡᠯᠡᠭᠰᠡᠨ ᠴᠠᠭ᠄
2019-03-25
     ᠮᠤᠩᠭᠤᠯ ᠭᠡᠷ  ᠮᠤᠩᠭᠤᠯ ᠭᠡᠷ — ᠡᠵᠡᠨ ᠴᠢᠩᠭᠢᠰ ᠤᠨ ᠦᠶ᠎ᠡ ᠠᠴᠠ ᠰᠢᠨᠡᠳᠭᠡᠵᠤ᠂ ᠡᠷᠳᠡ ᠤᠷᠢᠳᠤ ᠶᠢᠨ ᠵᠠᠩᠰᠢᠯ ᠢᠶᠠᠷ ᠲᠤᠭᠳᠠᠭᠠᠭᠰᠠᠨ᠂ ᠡᠷᠡᠯᠭᠡᠭ ᠪᠠᠭᠠᠳᠤᠷ, ᠠᠷᠢᠭᠤᠨ ᠮᠤᠩᠭᠤᠯ ᠤᠨ ᠡᠷᠭᠢᠮ ᠰᠠᠶᠢᠬᠠᠨ ᠤᠷᠳᠤᠨ ᠥᠷᠭᠦᠭᠡ ᠪᠤᠯᠤᠭᠰᠠᠨ᠂ ᠮᠤᠩᠭᠤᠯ ᠰᠢᠨ᠎ᠡ ᠴᠠᠭᠠᠨ ᠭᠡᠷ᠂ ᠮᠤᠯᠤᠷ ᠡᠷᠳᠡᠨᠢ ᠬᠤᠨᠢᠨ ᠬᠤᠳᠤᠭᠤᠳᠤ ᠶᠢᠨ ᠬᠡᠯᠪᠡᠷᠢ ᠪᠠᠷ ᠎ ᠢᠶᠠᠨ ᠮᠥᠩᠬᠡ ᠦᠨᠢᠳᠡ ᠤᠷᠤᠰᠢᠨ ᠮᠠᠰᠢᠳᠠ ᠰᠥᠮᠪᠤᠷᠯᠡᠨ ᠠᠳᠤᠭᠠᠢ︕ ᠮᠤᠩᠭᠤᠯ ᠭᠡᠷ — ᠬᠡᠴᠢᠨᠡᠨ ᠮᠢᠩᠭᠠᠨ ᠵᠢᠯ ᠎ ᠤᠨ ᠲᠤᠷᠰᠢ ᠡᠬᠡ ᠪᠠᠶᠢᠭᠠᠯᠢ ᠶᠢᠨ ᠠᠪᠤᠷᠭᠤ ᠶᠡᠭᠡ ᠰᠢᠯᠭᠠᠯᠳᠠ ᠶᠢ ᠲᠠᠭᠠᠭᠠᠵᠤ ᠴᠢᠳᠠᠭᠰᠠᠨ ᠢᠶᠠᠷ ᠪᠠᠷᠠᠬᠤ ᠦᠭᠡᠢ ᠲᠥᠮᠡᠨ ᠭᠠᠵᠠᠷ ᠤᠨ ᠲᠤᠳᠤᠷᠠᠭᠢ ᠠᠭᠤᠳᠠᠮ ᠶᠡᠭᠡ ᠨᠤᠳᠤᠭ ᠲᠠᠭᠠᠨ ᠠᠯᠳᠠᠢ ᠶᠢᠨ ᠴᠠᠰᠤᠳᠤ ᠤᠷᠭᠢᠯ ᠠᠴᠠ ᠭᠢᠩᠭᠠᠨ ᠎ ᠤ ᠤᠭᠤᠭᠠᠨ ᠭᠥᠪᠴᠢ ᠭᠥᠷᠳᠡᠯ᠎ᠡ᠂ ᠤᠮᠠᠷᠠᠳᠤ ᠶᠢᠨ ᠪᠠᠶᠢᠭᠠᠯᠢ ᠲᠠᠯᠠᠢ ᠠᠴᠠ ᠡᠮᠤᠨᠡᠳᠤ ᠶᠢᠨ ᠴᠠᠭᠠᠴᠨ ᠬᠡᠷᠡᠮ ᠭᠥᠷᠳᠡᠯ᠎ᠡ ᠴᠢᠯᠤᠭᠡᠳᠠᠢ ᠰᠡᠯᠭᠦᠨ ᠮᠠᠯᠵᠢᠵᠤ᠂ ᠠᠶᠠᠯᠠᠨ ᠲᠠᠶᠢᠳᠤᠵᠤ ᠶᠠᠪᠤᠭᠰᠠᠨ ᠮᠤᠨᠳᠠᠭ ᠶᠡᠭᠡ ᠨᠡᠭᠦᠳᠡᠯ ᠤᠨ ᠠᠮᠢᠳᠤᠷᠠᠯ ᠳᠤ ᠵᠤᠭᠢᠴᠠᠵᠤ ᠴᠢᠳᠠᠭᠰᠠᠨ ᠶᠤᠮ᠃ ᠮᠤᠩᠭᠤᠯ ᠭᠡᠷ — ᠤᠷᠤᠢ ᠲᠠᠯ᠎ᠠ ᠨᠢ ᠱᠤᠪᠤᠭᠤᠷᠵᠢᠭᠤ ᠪᠥᠮᠪᠤᠭᠡᠷ᠂ ᠲᠤᠮᠳᠠ ᠪᠡᠶ᠎ᠡ ᠨᠢ ᠤᠷᠳᠤᠯᠵᠢᠨ ᠲᠥᠭᠦᠷᠢᠭ᠂ ᠰᠠᠭᠤᠷᠢ ᠲᠠᠯ᠎ᠠ ᠨᠢ ᠲᠤᠭᠤᠢ ᠬᠡᠯᠪᠡᠷᠢᠳᠠᠢ ᠪᠠᠶᠢᠳᠠᠭ᠃ ᠮᠤᠩᠭᠤᠯ ᠭᠡᠷ — ᠬᠡᠯᠪᠡᠷᠢ ᠤᠨᠴᠠᠯᠢᠭ ᠠᠴᠠ ᠢᠶᠠᠨ ᠪᠤᠯᠵᠤ ᠡᠬᠡ ᠪᠠᠶᠢᠭᠠᠯᠢ ᠶᠢᠨ ᠲᠤᠭᠰᠢᠨ ᠰᠠᠯᠭᠢᠨ ᠰᠢᠷᠤᠭᠦᠨ ᠪᠤᠷᠤᠭᠠᠨ᠂ ᠴᠢᠮᠤᠭᠡ ᠴᠡᠷᠴᠠᠮ᠎ᠠ ᠬᠠᠭᠢᠷ ᠭᠥᠢᠳᠡᠨ᠂ ᠠᠭᠠᠭᠢᠮ᠎ᠡ ᠬᠠᠯᠠᠭᠤᠨ ᠠᠴᠠ ᠡᠩᠬᠡ ᠮᠡᠨᠳᠤ ᠭᠡᠳᠤᠯᠭᠦ ᠥᠯᠵᠡᠢ ᠮᠥᠷᠳᠠᠢ ᠪᠠᠶᠢᠯᠭᠠᠳᠠᠭ ᠰᠠᠨ᠃      ᠮᠤᠩᠭᠤᠯ ᠭᠡᠷ ᠤᠨ ᠢᠷᠤᠭᠡᠯ      ᠤᠮ ᠰᠠᠶᠢᠨ ᠠᠮᠤᠭᠤᠯᠠᠩ ᠪᠣᠯᠳᠤᠭᠠᠢ︕      ᠤᠴᠠᠷᠠᠯ ᠰᠠᠶᠢᠬᠠᠨ ᠵᠢᠷᠭᠠᠯᠠᠩ ᠪᠣᠯᠳᠣᠭᠠᠢ︕      ᠲᠤᠭᠤᠢ ᠲᠤᠭᠤᠨᠤ ᠠᠨᠤ ᠠᠯᠳᠠᠨ ᠭᠥᠷᠳᠤ ᠮᠡᠳᠤ      ᠲᠤᠭᠤᠷᠢᠬᠤ ᠤᠨᠢ ᠠᠨᠤ ᠮᠥᠩᠭᠦᠨ ᠰᠢᠭᠦᠷ ᠮᠡᠳᠤ      ᠬᠠᠵᠠᠭᠤ ᠬᠠᠨ᠎ᠠ ᠠᠨᠤ ᠥᠯᠵᠡᠢ ᠵᠠᠩᠭᠢᠶ᠎ᠠ ᠮᠡᠳᠤ      ᠬᠠᠳᠠᠪᠴᠢ ᠬᠠᠭᠠᠯᠭ᠎ᠠ ᠠᠨᠤ ᠬᠤᠤᠰ ᠵᠢᠭᠠᠰᠣ ᠮᠡᠳᠤ᠂      ᠲᠡᠭᠡᠪᠤᠷ ᠲᠤᠭᠤᠷᠭ᠎ᠠ ᠠᠨᠤ ᠢᠯᠭᠤᠭᠰᠠᠨ ᠲᠤᠸᠠᠽᠠ ᠮᠡᠳᠤ      ᠲᠡᠭᠡᠳᠤ ᠭᠥᠯᠳᠤᠷᠭᠡ ᠢᠨᠤ ᠪᠠᠳᠮ᠎ᠠ ᠯᠢᠩᠬᠤᠸ᠎ᠠ ᠮᠡᠳᠤ᠃      ᠭᠠᠳᠠᠷᠭᠤ ᠥᠩᠭᠡ ᠢᠨᠤ ᠴᠠᠭᠠᠨ ᠯᠠᠪᠠᠢ ᠮᠡᠳᠤ      ᠭᠠᠶᠢᠬᠠᠮ᠎ᠠ ᠬᠡᠯᠪᠡᠷᠢ ᠠᠨᠤ ᠡᠷᠳᠡᠨᠢ ᠬᠤᠮᠬ᠎ᠠ ᠮᠡᠳᠤ᠂      ᠥᠯᠵᠡᠢ ᠨᠡᠶᠢᠮᠠᠨ ᠡᠳᠡᠯᠡᠯ ᠤᠨ ᠰᠢᠨᠵᠢᠳᠤ      ᠥᠪᠴᠢ ᠰᠠᠶᠢᠨ ᠪᠡᠯᠭᠡ ᠵᠤᠭᠢᠴᠠᠭᠰᠠᠨ      ᠥᠩᠭᠢᠶᠡᠮᠤᠷ ᠡᠨᠡ ᠮᠤᠩᠭᠤᠯ ᠭᠡᠷ ᠲᠤ ᠪᠠᠨ      ᠦᠨᠢᠷ ᠤᠯᠭᠤᠯᠠ ᠪᠠᠨ ᠵᠢᠷᠭᠠᠬᠤ ᠪᠤᠯᠳᠤᠭᠠᠢ︕      ᠡᠨᠡ ᠰᠠᠶᠢᠬᠠᠨ ᠮᠤᠩᠭᠤᠯ ᠭᠡᠷ ᠢᠶᠠᠨ      ᠵᠢᠪᠬᠤᠯᠠᠩᠳᠤ ᠰᠥᠮᠪᠤᠷ ᠠᠭᠤᠯᠠ ᠶᠢᠨ ᠲᠥᠷᠪᠡᠨ ᠲᠢᠪ ᠠᠴᠠ      ᠵᠢᠷᠭᠠᠯᠠᠩ ᠪᠤᠶᠠᠨ ᠪᠥᠷᠢᠳᠤᠭᠰᠡᠨ ᠡᠵᠡᠨ ᠪᠤᠭᠳᠠ ᠶᠢᠨ ᠢᠶᠠᠨ      ᠵᠢᠭᠠᠨ ᠲᠤᠭᠳᠠᠭᠠᠭᠰᠠᠨ ᠵᠢᠷᠤᠮ ᠢ ᠲᠠᠭᠠᠵᠤ      ᠡᠵᠡᠨᠳᠡᠨ ᠤ ᠦᠯᠡᠳᠡᠭᠡᠭᠰᠡᠨ ᠡᠨᠡ ᠰᠠᠶᠢᠬᠠᠨ ᠡᠳᠤᠷ      ᠭᠥᠬᠡ ᠮᠥᠩᠭᠦᠨ ᠤᠭᠳᠤᠷᠭᠤᠢ ᠶᠢᠨ ᠡᠪᠴᠢᠭᠦᠨ ᠳᠤ      ᠭᠥᠷᠤᠰᠣᠳᠤ ᠠᠯᠳᠠᠨ ᠲᠡᠯᠡᠭᠡᠢ ᠶᠢᠨ ᠥᠷᠤᠴᠡᠨ ᠳᠤ      ᠭᠥᠬᠡᠷᠤᠨ ᠤᠷᠤᠰᠬᠤ ᠮᠥᠷᠡᠨ ᠤ ᠲᠡᠨᠵᠢᠨ ᠳᠤ  ᠭᠥᠪᠴᠢᠨ ᠨᠤᠭᠤᠭᠠᠨ ᠤᠢ ᠶᠢᠨ ᠲᠥᠪ ᠲᠤᠮᠳᠠ      ᠠᠪᠤ ᠡᠵᠢ ᠶᠢᠨ ᠴᠠᠭ ᠠᠴᠠ ᠨᠤᠳᠤᠭᠯᠠᠨ ᠢᠷᠡᠭᠰᠡᠨ  ᠠᠮᠤᠷᠯᠢᠩᠭᠤᠢ ᠰᠠᠶᠢᠬᠠᠨ ᠡᠨᠡ ᠨᠤᠳᠤᠭ ᠲᠤ      ᠥᠷᠭᠡᠨ ᠠᠭᠤᠳᠠᠮ ᠲᠠᠯ᠎ᠠ ᠳᠤ  ᠥᠨᠳᠤᠷ ᠴᠠᠭᠠᠨ ᠥᠷᠤᠭᠡ ᠪᠠᠨ ᠪᠠᠶᠢᠭᠤᠯᠪᠠ︕
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号