ᠬᠠᠭᠤᠴᠢᠨ ᠬᠦᠦ
ᠨᠡᠶᠢᠲᠡᠯᠡᠭᠰᠡᠨ ᠴᠠᠭ᠄
2019-01-16
     ᠬᠦᠳᠡᠭᠡ ᠶᠢᠨ ᠪᠠᠶᠢᠳᠠᠯ ᠱᠠᠯᠳᠠᠷ ᠪᠤᠯᠳᠠᠷ᠂ ᠴᠠᠭ ᠤᠨ ᠤᠯᠠᠷᠢᠯ ᠣᠷᠤᠭ᠎ᠠ ᠪᠤᠰᠬᠠᠭ᠎ᠠ᠂ ᠡᠯᠡᠰᠦ ᠲᠠᠢ ᠱᠠᠩᠳᠤ ᠪᠤᠲᠠ ᠲᠠᠢ ᠴᠠᠶᠢᠳᠠᠮ ᠢ ᠳᠠᠭᠠᠵᠤ᠂ ᠬᠠᠶᠠ ᠨᠢᠭᠡ ᠬᠠᠷ᠎ᠠ ᠭᠡᠷ ᠠᠴᠠ ᠤᠲᠤᠭ᠎ᠠ ᠰᠤᠭᠤᠨᠠᠭᠯᠠᠨ᠎ᠠ᠃ ᠳᠥᠷᠪᠡᠨ ᠵᠥᠭ ᠴᠡᠪ ᠴᠡᠯᠡᠶᠢᠨ ᠤᠶᠢᠳᠬᠠᠷ ᠲᠠᠢ᠂ ᠴᠠᠭᠠᠨ ᠤᠨᠢᠶᠠᠷ ᠲᠤᠨᠤᠨ᠎ᠠ᠃ ᠵᠤᠨ ᠤ ᠯᠦᠭᠬᠢᠮ᠎ᠡ ᠬᠠᠯᠠᠭᠤᠨ ᠢᠰᠡᠭᠡᠢ ᠭᠡᠨᠷ ᠢ ᠰᠢᠷᠠᠵᠤ ᠮᠠᠯᠴᠢᠨ ᠬᠥᠮᠥᠨ ᠤ ᠰᠡᠳᠬᠢᠯ ᠢ ᠪᠣᠬᠢᠨᠢᠳᠤᠭᠤᠯᠤᠨ᠎ᠠ᠃ ᠠᠶᠢᠯ ᠤᠨ ᠬᠠᠶᠠᠭ᠎ᠠ ᠪᠠᠷ ᠦᠬᠡᠷ ᠤᠨ ᠪᠠᠭᠠᠰᠤ ᠦᠷᠭᠦᠯᠵᠢᠯᠡᠵᠡᠢ᠃ ᠡᠭᠦᠨ ᠢᠶᠠᠷ ᠲᠡᠭᠦᠨ ᠢᠶᠠᠷ ᠬᠡᠳᠦᠨ ᠲᠤᠭᠤᠯ ᠣᠭᠤᠳᠤᠩᠨᠠᠨ ᠳᠠᠪᠬᠢᠨ᠎ᠠ᠃ ᠬᠥᠯ ᠳᠤ ᠣᠷᠤᠬᠤ ᠠᠴᠠ ᠠᠪᠤᠭᠠᠳ ᠦᠰᠦ ᠴᠠᠶᠢᠬᠤ ᠬᠦᠷᠲᠡᠯ᠎ᠡ ᠨᠢᠭᠡ ᠭᠤᠣᠯ ᠢ ᠥᠭᠰᠦᠨ ᠤᠷᠤᠭᠤᠳᠠᠨ ᠨᠡᠭᠦᠵᠦ᠂ ᠨᠢᠭᠡ ᠬᠤᠳᠳᠤᠭ ᠢ ᠡᠷᠭᠢᠨ ᠲᠣᠭᠤᠷᠢᠨ ᠨᠤᠲᠤᠭᠯᠠᠭᠰᠠᠭᠠᠷ ᠡᠨᠡ ᠬᠦ ᠶᠢᠷᠲᠢᠨᠴᠦ ᠶᠢ ᠡᠴᠦᠰᠯᠡᠨ᠎ᠡ᠃ ᠭᠠᠪᠵᠤ ᠵᠠᠪᠠᠯ ᠬᠤᠶᠢᠮᠤᠷ ᠰᠠᠭᠤᠵᠤ  ᠪᠣᠷᠬᠠᠨ ᠨᠣᠮ ᠭᠡᠵᠦ ᠪᠤᠷᠤᠭᠤ ᠵᠥᠪ ᠴᠠᠯᠴᠢᠬᠤ ᠪᠠ ᠵᠠᠶᠢᠰᠠᠩ ᠨᠠᠮᠵᠢᠯ ᠭᠠᠳᠠᠨ᠎ᠠ ᠠᠴᠠ ᠢᠷᠡᠵᠦ ᠬᠠᠤᠯᠢ ᠶᠣᠰᠤ ᠭᠡᠵᠦ ᠬᠤᠳᠠᠯ ᠦᠨᠡᠨ ᠶᠠᠷᠢᠬᠤ ᠶᠢ ᠰᠣᠨᠣᠰᠤᠭᠰᠠᠭᠠᠷ ᠡᠳᠦᠷ ᠰᠠᠷ᠎ᠠ ᠶᠢ ᠤᠯᠠᠷᠢᠭᠤᠯᠤᠨ᠎ᠠ᠃ ᠲᠡᠷᠲᠡᠭᠡ ᠠᠭᠤᠯᠠ ᠶᠢ ᠥᠩᠭᠡᠷᠡᠪᠡᠯ ᠠᠭᠤᠯᠠ ᠦᠭᠡᠢ ᠭᠡᠵᠦ ᠪᠣᠳᠤᠵᠤ᠂ ᠲᠡᠭᠷᠢ ᠶᠢᠨ ᠬᠠᠶᠠᠭᠠᠨ ᠠᠴᠠ ᠴᠠᠭᠠᠰᠢ ᠭᠠᠵᠠᠷ ᠦᠭᠡᠢ ᠭᠡᠵᠦ ᠰᠡᠳᠬᠢᠭᠰᠡᠭᠡᠷ ᠲᠦᠮᠡᠨ ᠬᠡᠷᠡᠭ ᠠᠴᠠ ᠬᠤᠴᠤᠷᠠᠵᠤ᠂ ᠳᠡᠯᠡᠬᠡᠢ ᠶᠢᠨ ᠪᠣᠯᠪᠠᠰᠤᠷᠠᠯ ᠠᠴᠠ ᠭᠡᠭᠡᠭᠳᠡᠨ᠎ᠡ᠃ ᠭᠠᠭᠴᠠ ᠬᠦ ᠥᠷᠯᠦᠭᠡ ᠪᠤᠷᠬᠠᠨ ᠳᠤ ᠵᠠᠯᠪᠠᠷᠢᠵᠤ᠂ ᠦᠳᠡᠰᠢ ᠲᠡᠭᠷᠢ ᠳᠤ ᠮᠥᠷᠭᠦᠭᠰᠡᠭᠡᠷ ᠨᠢᠭᠡ ᠨᠠᠰᠤ ᠶᠢ ᠪᠠᠷᠠᠨ᠎ᠠ᠃      ᠬᠠᠭᠤᠴᠢᠨ ᠬᠦᠦ ᠬᠤᠯᠠ ᠮᠣᠷᠢᠨ ᠳᠡᠭᠡᠷ᠎ᠡ ᠪᠠᠨ ᠬᠥᠨᠳᠡᠯᠡᠨ ᠰᠠᠭᠤᠵᠤ ᠬᠠᠲᠠᠷᠢᠭᠤᠯᠤᠭᠰᠠᠭᠠᠷ ᠬᠦᠷᠴᠦ ᠢᠷᠡᠪᠡ ᠃ ᠴᠠᠭᠠᠨ ᠳᠠᠪᠤᠤ ᠠᠯᠴᠢᠭᠤᠷ ᠢᠶᠠᠷ ᠲᠣᠯᠤᠭᠠᠢ ᠪᠠᠨ ᠣᠷᠢᠶᠠᠵᠠᠢ᠃ ᠰᠢᠷᠢᠯᠳᠦᠭᠰᠡᠨ ᠬᠠᠷ᠎ᠠ ᠭᠡᠵᠢᠭᠡ ᠶᠢᠨ ᠰᠡᠷᠪᠡᠶᠢᠭᠰᠡᠨ ᠬᠡᠳᠦᠨ ᠦᠰᠦ ᠨᠢ ᠰᠢᠨᠠ ᠤᠷᠤᠭᠤ ᠨᠢ ᠤᠨᠵᠢᠢᠨ᠎ᠠ᠃ ᠤᠷᠠᠭᠳᠠᠵᠤ ᠨᠠᠪᠲᠠᠷᠠᠭᠰᠠᠨ ᠬᠠᠷ᠎ᠠ ᠬᠠᠨᠴᠤ ᠶᠢ ᠰᠤᠭᠤᠯᠳᠤᠷᠭᠠᠯᠠᠵᠤ᠂ ᠭᠬᠢᠷᠲᠦᠵᠦ ᠰᠠᠭᠠᠷᠢᠲᠤᠭᠰᠠᠨ ᠪᠣᠷᠤ ᠲᠣᠬᠤᠢ ᠭᠠᠷᠭᠠᠵᠠᠢ᠃ ᠳᠠᠪ ᠬᠢᠭᠡᠳ ᠮᠣᠷᠢᠨ ᠠᠴᠠ ᠪᠠᠨ ᠪᠠᠭᠤᠨ᠂ ᠲᠠᠰ ᠬᠢᠲᠡᠯ᠎ᠡ ᠵᠢᠯᠣᠭᠤ ᠪᠠᠨ ᠰᠤᠶᠢᠭᠠᠳ ᠲᠣᠰᠤᠨ ᠳᠤ ᠳᠠᠷᠤᠭᠳᠠᠭᠰᠠᠨ ᠤᠷᠲᠤ ᠬᠤᠷᠮᠤᠢ ᠪᠠᠷ ᠢᠶᠠᠨ ᠨᠠᠷᠠᠨ ᠳᠤ ᠰᠢᠷᠠᠭᠳᠠᠭᠰᠠᠨ ᠨᠢᠭᠤᠷ ᠤᠨ ᠢᠶᠠᠨ ᠬᠥᠯᠦᠰᠦ ᠶᠢ ᠠᠷᠴᠢᠵᠤ ᠭᠡᠷ ᠲᠤ ᠣᠷᠤᠪᠠ᠃      ᠪᠠᠯᠳᠠᠨ ᠤ ᠢᠰᠡᠭᠡᠢ ᠪᠠᠨ ᠬᠢᠵᠦ ᠪᠠᠶᠢᠨ᠎ᠠ᠃ ᠴᠠᠩᠳᠠ ᠶᠢᠨ ᠬᠢ ᠬᠤᠨᠢ ᠪᠠᠨ ᠬᠤᠵᠢᠷᠯᠠᠵᠤ ᠪᠠᠶᠢᠨ᠎ᠠ᠃ ᠳᠠᠮᠪᠠ ᠮᠣᠷᠢ ᠪᠠᠨ ᠡᠷᠢᠬᠦ ᠪᠠᠷ ᠶᠠᠪᠤᠭᠰᠠᠨ᠂ ᠭᠤᠮᠪᠤ ᠬᠠᠩᠭᠠᠢ ᠣᠷᠤᠭᠠᠳ ᠢᠷᠡᠭᠰᠡᠨ ᠭᠡᠬᠦ ᠵᠡᠷᠭᠡ ᠶᠡᠷᠦ ᠶᠢᠨ ᠬᠡᠳᠦᠨ ᠦᠭᠡ ᠶᠢ ᠠᠬ᠎ᠠ ᠵᠠᠬ᠎ᠠ ᠬᠦᠮᠦᠰ ᠲᠤ ᠪᠠᠨ ᠰᠣᠨᠢᠨ ᠪᠣᠯᠭᠠᠨ ᠶᠠᠷᠢᠵᠤ᠂ ᠭᠠᠪᠵᠢ ᠭᠤᠸᠠᠢ ᠭᠡᠵᠦ ᠳᠣᠣᠭᠤᠷ ᠬᠠᠷᠠᠨ᠂ ᠵᠠᠶᠢᠰᠠᠩ ᠭᠤᠸᠠᠢ ᠭᠡᠵᠦ ᠳᠣᠷᠤᠢ ᠳᠤᠤᠭᠠᠷᠤᠭᠰᠠᠭᠠᠷ ᠵᠤᠤᠬᠠᠨ ᠤ ᠬᠠᠵᠠᠭᠤ ᠳᠤ ᠰᠠᠭᠤᠨ᠎ᠠ᠃ ᠠᠪᠠᠭᠠᠢ ᠬᠡᠦᠬᠡᠳ ᠠᠴᠠ ᠠᠶᠠᠭ᠎ᠠ ᠲᠠᠷᠠᠭ᠂ ᠬᠡᠰᠡᠭ ᠬᠤᠰᠤᠮ ᠣᠯᠵᠤ ᠢᠳᠡᠭᠡᠳ᠂ ᠲᠡᠨᠳᠡ ᠠᠴᠠ ᠭᠠᠷᠴᠤ ᠪᠠᠶᠠᠨ ᠪᠠᠯᠵᠢᠷ ᠤᠨ ᠳᠤ ᠤᠨᠠᠭ᠎ᠠ ᠲᠠᠲᠠᠵᠤ ᠥᠭᠴᠦ᠂ ᠠᠶᠢᠷᠠᠭ ᠣᠯᠵᠤ ᠤᠤᠭᠤᠭᠠᠳ ᠨᠢᠭᠡ ᠦᠳᠡ ᠶᠢ ᠥᠩᠭᠡᠷᠡᠭᠦᠯᠦᠨ᠎ᠡ᠃ ᠳᠠᠨᠳᠤᠪ ᠲᠠᠶᠢᠵᠢ ᠶᠢᠨ ᠳᠤ ᠬᠤᠨᠢ ᠬᠢᠷᠭᠠᠨ ᠥᠭᠴᠦ᠂ ᠭᠡᠳᠡᠰᠦ ᠣᠯᠵᠤ ᠢᠳᠡᠨ ᠨᠢᠭᠡ ᠦᠳᠡᠰᠢ ᠶᠢ ᠳᠠᠭᠤᠰᠬᠠᠨ᠎ᠠ᠃      ᠬᠡᠳᠦᠶᠢᠪᠡᠷ ᠤᠬᠠᠭᠠᠨ ᠰᠡᠷᠭᠦᠯᠡᠩ ᠪᠣᠯᠪᠠᠴᠤ ᠵᠡᠭᠦᠨ ᠬᠤᠰᠢᠭᠤᠨ ᠤ ᠵᠠᠬ᠎ᠠ ᠳᠤ ᠬᠦᠷᠦᠭᠰᠡᠨ ᠦᠭᠡᠢ᠂ ᠪᠠᠷᠠᠭᠤᠨ ᠮᠥᠷᠡᠨ ᠤ ᠲᠡᠷᠲᠡᠭᠡ ᠭᠠᠷᠤᠭᠰᠠᠨ ᠦᠭᠡᠢ᠂ ᠵᠥᠪᠬᠡᠨ ᠭᠤᠷᠪᠠ ᠳᠦᠷᠪᠡᠨ ᠥᠷᠲᠡᠭᠡ᠂ ᠡᠷᠭᠢᠨ ᠲᠣᠭᠤᠷᠢᠨ ᠤ ᠭᠠᠵᠠᠷ ᠤᠨ ᠳᠣᠲᠤᠷ᠎ᠠ ᠣᠷᠤᠰᠢᠨ ᠰᠠᠭᠤᠭᠰᠠᠨ ᠲᠤᠯᠠ ᠶᠠᠭᠤ ᠦᠵᠡᠵᠦ ᠮᠡᠳᠡᠵᠦ᠂ ᠶᠠᠭᠤ ᠣᠯᠵᠤ ᠰᠣᠨᠤᠰᠬᠤ ᠠᠵᠢ᠃ ᠨᠠᠰᠤ ᠬᠡᠳᠦᠶᠢᠪᠡᠷ ᠵᠠᠯᠠᠭᠤ ᠪᠤᠯᠪᠠᠴᠤ ᠦᠭᠡᠶᠢᠭᠦᠦ ᠶᠠᠳᠠᠭᠤ᠂ ᠥᠨᠦᠴᠢᠨ ᠪᠠᠯᠴᠢᠷ ᠲᠤᠯᠠ ᠨᠤᠲᠤᠭ ᠰᠣᠶᠢᠮᠤ ᠶᠢᠨ ᠬᠡᠳᠦᠨ ᠠᠶᠢᠯ ᠳᠤ ᠡᠭᠡᠯᠵᠢᠯᠡᠨ ᠵᠠᠷᠤᠭᠳᠠᠭᠰᠠᠭᠠᠷ ᠣᠯᠢᠭ ᠲᠠᠢ ᠠᠵᠤ ᠠᠮᠢᠳᠤᠷᠠᠯ ᠤᠨ ᠵᠠᠮ ᠢ ᠨᠢᠭᠡᠨᠲᠡ ᠠᠯᠳᠠᠵᠠᠢ᠃      ᠡᠪᠦᠯ ᠤᠨ ᠬᠦᠢᠲᠡᠨ ᠢ ᠠᠳᠤᠭᠤ ᠮᠠᠨᠠᠵᠤ ᠥᠩᠭᠡᠷᠡᠭᠦᠯᠵᠤ᠂ ᠵᠤᠨ ᠤ ᠬᠠᠯᠠᠭᠤᠨ ᠢ ᠬᠤᠨᠢ ᠬᠠᠷᠢᠭᠤᠯᠵᠤ ᠬᠡᠲᠦᠯᠬᠦ ᠪᠦᠭᠡᠳ᠂ ᠨᠠᠮᠤᠷ ᠢᠴᠡᠵᠤ᠂ ᠬᠠᠪᠤᠷ ᠭᠠᠷᠤᠭᠴᠢ ᠲᠠᠷᠪᠠᠭᠠᠨ ᠠᠴᠠ ᠵᠣᠪᠠᠯᠠᠩ ᠲᠠᠢ ᠪᠠᠷ ᠣᠨ ᠵᠢᠯ ᠢ ᠨᠥᠭᠴᠢᠭᠡᠨ᠎ᠡ᠃      ᠡᠪᠦᠭᠡᠳ ᠬᠥᠭᠰᠢᠳ ᠤᠨ ᠦᠭᠡᠨ ᠠᠴᠠ ᠥᠭᠡᠷ᠎ᠡ ᠦᠨᠡᠨ ᠶᠠᠭᠤᠮ᠎ᠠ ᠦᠭᠡᠢ᠂ ᠡᠪᠦᠯᠵᠢᠶ᠎ᠡ ᠵᠤᠰᠠᠯᠠᠩ ᠬᠠᠪᠤᠷᠵᠢᠶ᠎ᠠ ᠨᠠᠮᠤᠷᠵᠢᠶ᠎ᠠ ᠡᠨᠡ ᠳᠥᠷᠪᠡ ᠠᠴᠠ ᠴᠢᠨᠠᠭᠰᠢ ᠶᠠᠪᠤᠬᠤ ᠭᠠᠵᠠᠷ ᠦᠭᠡᠢ ᠭᠡᠵᠤ ᠰᠠᠨᠠᠵᠤ᠂ ᠬᠥᠮᠦᠷᠢᠭᠰᠡᠨ ᠲᠣᠭᠤᠭᠠᠨ ᠤ ᠳᠣᠲᠤᠷᠠᠬᠢ ᠲᠠᠢ ᠠᠳᠠᠯᠢ ᠬᠦᠳᠡᠭᠡ ᠶᠢᠨ ᠪᠦᠳᠦᠭᠦᠯᠢᠭ ᠪᠠᠶᠢᠳᠠᠯ ᠳᠤ ᠬᠥᠮᠦᠵᠢᠨ᠎ᠡ᠃ ᠶᠠᠭᠤᠲᠠᠢ ᠭᠤᠮᠤᠳᠠᠯ ᠲᠠᠢ ᠵᠡᠷᠯᠢᠭ ᠠᠮᠢᠳᠤᠷᠠᠯ᠂ ᠶᠠᠭᠤ ᠲᠠᠢ ᠬᠠᠶᠢᠷᠠᠯᠠᠯ ᠲᠠᠢ ᠵᠠᠯᠠᠭᠤ ᠨᠠᠰᠤ ᠪᠣᠢ︕ ᠶᠠᠭᠤᠨ ᠳᠤ ᠰᠢᠨ᠎ᠡ ᠶᠢᠷᠲᠢᠨᠴᠦ ᠶᠢ ᠦᠵᠡᠬᠦ ᠶᠢ ᠥᠯᠦ ᠬᠦᠰᠡᠨ᠎ᠡ ᠪᠤᠢ︕      ᠬᠥᠮᠦᠵᠢᠯ ᠤᠨ ᠡᠶᠢᠮᠦ ᠭᠤᠨᠢᠬᠠᠷᠠᠯ ᠲᠠᠢ ᠪᠠᠶᠢᠳᠠᠯ ᠢ ᠬᠠᠭᠤᠴᠢᠨ ᠬᠦᠦ ᠥᠪᠡᠷ ᠢᠶᠠᠨ ᠶᠠᠭᠠᠬᠢᠵᠤ ᠴᠦ ᠮᠡᠳᠡᠬᠦ ᠪᠢᠯᠡ ᠳ᠋ᠡ᠂ ᠬᠠᠭᠤᠴᠢᠨ ᠹᠸᠣᠳᠠᠯ ᠪᠠ ᠯᠠᠮ᠎ᠠ ᠨᠠᠷ ᠤᠨ ᠭᠠᠢ ᠶᠢ ᠬᠡᠷᠬᠢᠨ ᠲᠠᠨᠢᠬᠤ ᠪᠢᠯᠡ ᠳ᠋ᠠ︕ ᠲᠡᠶᠢᠮᠦ ᠯᠠ ᠳᠠᠳᠤᠭᠰᠠᠨ ᠪᠠᠶᠢᠳᠠᠯ ᠳᠤ ᠠᠪᠲᠠᠭᠳᠠᠵᠤ᠂ ᠵᠣᠪᠠᠯᠠᠩ ᠨᠢ ᠵᠢᠷᠭᠠᠯ᠂ ᠵᠡᠷᠯᠢᠭ ᠨᠢ ᠴᠡᠩᠬᠡᠯ ᠪᠣᠯᠤᠭᠠᠳ ᠨᠢᠭᠡ ᠣᠯᠣᠰ ᠶᠡᠬᠡᠩᠬᠢ ᠳᠡᠭᠡᠨ ᠬᠠᠭᠤᠴᠢᠨ ᠬᠦᠦ ᠶᠢᠨ ᠠᠳᠠᠯᠢ ᠨᠢᠳᠦ ᠪᠠᠨ ᠠᠨᠢᠵᠦ᠂ ᠴᠢᠬᠢ ᠪᠠᠨ ᠪᠥᠭᠯᠡᠨ᠂ ᠶᠢᠷᠲᠢᠨᠴᠦ ᠭᠡᠭᠴᠢ ᠴᠣᠬᠤᠮ ᠶᠠᠭᠤ ᠪᠣᠯᠬᠤ ᠶᠢ ᠦᠵᠡᠯ ᠦᠭᠡᠢ᠂ ᠮᠡᠳᠡᠯ ᠦᠭᠡᠢ᠂ ᠬᠥᠨᠳᠡᠢ ᠲᠠᠯ᠎ᠠ ᠳᠤ ᠬᠤᠭᠤᠰᠤᠭᠠᠷ ᠬᠤᠴᠤᠷᠤᠭᠳᠠᠬᠤ ᠳᠤ ᠲᠤᠯᠵᠠᠢ᠃ ᠭᠡᠲᠡᠯ᠎ᠡ ᠬᠠᠭᠤᠴᠢᠨ ᠬᠦᠦ ᠶᠢᠨ ᠨᠢᠭᠡ ᠨᠦᠬᠦᠷ ᠨᠢ ᠬᠤᠪᠢᠰᠬᠠᠯ ᠤᠨ ᠫᠤᠤ ᠶᠢ ᠲᠠᠯᠪᠢᠭᠰᠠᠨ ᠡᠳᠦᠷ ᠠᠴᠠ ᠡᠬᠢᠯᠡᠨ᠂ ᠬᠥᠮᠦᠷᠢᠭᠰᠡᠨ ᠲᠣᠭᠤᠭᠠᠨ ᠤ ᠳᠣᠲᠤᠷ᠎ᠠ ᠭᠡᠷᠡᠯ ᠲᠤᠰᠴᠤ᠂ ᠨᠢᠭᠡ ᠠᠶᠢᠮᠠᠭ ᠰᠡᠷᠡᠪᠡ᠃ ᠲᠡᠭᠷᠢ ᠶᠢᠨ ᠬᠠᠶᠠᠭᠠᠨ ᠠᠴᠠ ᠴᠢᠨᠠᠭᠰᠢ ᠭᠠᠵᠠᠷ ᠪᠠᠶᠢᠳᠠᠭ ᠢ ᠮᠡᠳᠡᠵᠦ᠂ ᠲᠠᠪᠢᠨ ᠳᠠᠯᠠᠢ ᠲᠠᠪᠤᠨ ᠲᠢᠪ ᠢ ᠲᠠᠨᠢᠨ᠂ ᠰᠢᠨ᠎ᠡ ᠶᠢᠷᠲᠢᠨᠴᠦ ᠳᠡᠭᠡᠷ᠎ᠡ ᠬᠠᠨᠠᠲᠤ ᠶᠠᠪᠤᠬᠤ ᠵᠠᠮ ᠢ ᠨᠡᠬᠡᠭᠡᠪᠡ᠃ ᠬᠥᠬᠡ ᠮᠣᠩᠭᠤᠯ ᠤᠯᠠᠭᠠᠨ ᠮᠣᠩᠭᠤᠯ ᠪᠣᠯᠪᠠ᠃ ᠬᠠᠭᠤᠴᠢᠨ ᠬᠦᠦ ᠰᠢᠨ᠎ᠡ ᠬᠦᠦ ᠪᠣᠯᠪᠠ᠃ ᠶᠠᠭᠤᠲᠠᠢ ᠪᠠᠶᠠᠷ᠂ ᠶᠠᠭᠤᠲᠠᠢ ᠵᠠᠪᠰᠢᠶᠠᠨ︕                                                           1930 ᠣᠨ
 
ᠢᠷᠡᠯᠲᠡ᠄ ᠳ᠋᠊ ᠨᠠᠴᠤᠭᠳᠣᠷᠵᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号