ᠦᠭᠡᠭᠲᠤ ᠬᠠᠭᠠᠨ ︵1446—1465︶
ᠨᠡᠶᠢᠲᠡᠯᠡᠭᠰᠡᠨ ᠴᠠᠭ᠄
2020/7/8
     ᠶᠡᠭᠡ ᠮᠤᠩᠭᠤᠯ ᠤᠯᠤᠰ ᠤᠨ ᠭᠤᠴᠢᠳᠤᠭᠠᠷ ᠦᠶ᠎ᠡ ᠶᠢᠨ ᠶᠡᠭᠡ ᠬᠠᠭᠠᠨ᠂ ᠶᠤᠸᠠᠨ ᠤᠯᠤᠰ ᠤᠨ ᠬᠤᠷᠢᠨ ᠳᠤᠯᠤᠳᠤᠭᠠᠷ ᠦᠶ᠎ᠡ ᠶᠢᠨ ᠶᠡᠭᠡ ᠬᠠᠭᠠᠨ᠂ ᠤᠮᠠᠷᠠᠲᠤ ᠶᠤᠸᠠᠨ ᠤᠯᠤᠰ ᠤᠨ ᠠᠷᠪᠠᠨ ᠵᠢᠷᠭᠤᠳᠤᠭᠠᠷ ᠦᠶ᠎ᠡ ᠶᠢᠨ ᠶᠡᠭᠡ ᠬᠠᠭᠠᠨ᠂ ᠮᠤᠩᠭᠤᠯ ᠦᠨᠳᠦᠰᠦᠲᠡᠨ᠂ ᠬᠢᠶᠠᠨ ᠶᠠᠰᠤᠲᠤ ᠮᠤᠩᠭᠤᠯ ᠠᠶᠢᠮᠠᠭ ᠤᠨ ᠪᠤᠷᠵᠢᠬᠢᠨ ᠤᠪᠤᠭᠲᠡᠨ᠃ ᠰᠡᠴᠡᠨ ᠬᠠᠭᠠᠨ ᠤ ᠳᠠᠶᠠ ᠬᠦᠪᠡᠭᠦᠨ ᠴᠢᠩᠬᠢᠮ ᠤᠨ ᠬᠤᠶᠠᠳᠤᠭᠠᠷ ᠬᠦᠪᠡᠭᠦᠨ ᠳᠠᠷᠮᠠᠪᠠᠯᠡ ᠶᠢᠨ ᠬᠤᠶᠠᠳᠤᠭᠠᠷ ᠬᠦᠪᠡᠭᠦᠨ ᠬᠦᠯᠦᠭ ᠬᠠᠭᠠᠨ ᠤ ᠤᠤᠭᠠᠨ ᠬᠦᠪᠡᠭᠦᠨ ᠬᠤᠲᠤᠭᠲᠤ ᠬᠠᠭᠠᠨ ᠬᠤᠱᠠᠯᠠ ᠶᠢᠨ ᠤᠤᠭᠠᠨ ᠬᠦᠪᠡᠭᠦᠨ ᠤᠬᠠᠭᠠᠨᠲᠤ ᠬᠠᠭᠠᠨ ᠲᠤᠭᠤᠨᠲᠡᠮᠦᠷ ᠤᠨ ᠠᠬᠠᠮᠡᠳ ᠬᠦᠪᠡᠭᠦᠨ ᠪᠢᠯᠢᠭᠲᠦ ᠬᠠᠭᠠᠨ ᠠᠶᠤᠤᠰᠢᠷᠢᠳᠠᠷ᠎ᠠ ᠶᠢᠨ ᠤᠳᠬᠤᠨ ᠬᠦᠪᠡᠭᠦᠨ ᠬᠠᠶᠢᠷᠴᠠᠭ ᠳᠦᠭᠦᠷᠡᠩ ᠲᠡᠮᠦᠷ ᠬᠤᠩ ᠳᠠᠶᠢᠵᠢ ᠶᠢᠨ ᠬᠦᠪᠡᠭᠦᠨ ᠠᠵᠠᠢ ᠲᠠᠶᠢᠵᠢ ᠶᠢᠨ ᠠᠬᠠᠮᠡᠳ ᠬᠦᠪᠡᠭᠦᠨ ᠲᠤᠭᠲᠠᠬᠤ ᠪᠤᠬ᠎ᠠ ᠬᠠᠭᠠᠨ ᠤ ᠬᠤᠶᠠᠳᠤᠭᠠᠷ ᠬᠦᠪᠡᠭᠦᠨ᠃ ᠲᠡᠭᠦᠰ ᠬᠠᠭᠠᠨ ᠤ ᠦᠭᠡᠷ᠎ᠡ ᠡᠭᠡᠲᠤ ᠳᠡᠭᠦᠦ ᠪᠤᠯᠤᠨ᠎ᠠ᠃ ᠴᠡᠭᠡᠷᠯᠡᠭᠦᠢ ᠨᠡᠷ᠎ᠡ ᠮᠠᠬᠠᠭᠦ᠋ᠷᠬᠢᠰ᠂ ᠡᠷᠭᠦᠮᠵᠢ ᠠᠯᠳᠠᠷ ᠨᠢ ᠦᠭᠡᠭᠲᠤ ᠬᠠᠭᠠᠨ᠂ ᠮᠢᠩ ᠤᠯᠤᠰ ᠤᠨ ᠬᠢᠨ ᠲᠡᠭᠦᠨ ᠢ ︽ᠪᠠᠭ᠎ᠠ ᠬᠠᠭᠠᠨ︾ ᠭᠡᠳᠡᠭ᠃ ᠡᠰᠡᠨ ᠬᠠᠭᠠᠨ ᠢ ᠬᠤᠷᠤᠭᠠᠭᠳᠠᠭᠰᠡᠨ ᠤ ᠳᠠᠷᠠᠭ᠎ᠠ 1455 ᠤᠨ ᠳᠤ ᠪᠤᠯᠠᠢ ᠲᠠᠶᠢᠱᠢ᠂ ᠮᠤᠤᠯᠢᠬᠠᠢ ᠸᠠᠩ ᠨᠡᠷ ᠲᠡᠭᠦᠨ ᠢ ᠬᠦᠷᠢᠶᠡᠯᠡᠨ ᠬᠠᠭᠠᠨ ᠡᠷᠭᠦᠮᠵᠢᠯᠡᠪᠡ᠃ ᠡᠭᠡ ᠨᠢ ᠰᠠᠮᠤᠷ ᠳᠡᠭᠡᠲᠤ ᠬᠠᠲᠤᠨ ᠨᠠᠰᠤᠨ ᠪᠠᠭ᠎ᠠ ᠲᠡᠭᠦᠨ ᠢ ᠦᠭᠡᠭ ᠲᠤ ᠰᠠᠭᠤᠯᠭᠠᠨ ᠳᠠᠭᠠᠭᠤᠯᠵᠤ ᠤᠶᠢᠷᠠᠳ ᠢ ᠳᠠᠶᠢᠯᠠᠭᠠᠳ ᠶᠡᠭᠡᠲᠡ ᠳᠡᠶᠢᠯᠪᠡ᠃ ᠡᠶᠢᠨ ᠬᠦ ᠲᠡᠷᠡ ᠪᠠᠷ ᠦᠭᠡᠭᠲᠤ ᠬᠠᠭᠠᠨ ᠭᠡᠵᠤ ᠠᠯᠳᠠᠷᠰᠢᠪᠠ᠃ 1457 ᠤᠨ ᠳᠤ ᠦᠭᠡᠭᠲᠤ ᠬᠠᠭᠠᠨ ᠪᠤᠯᠠᠢ ᠲᠠᠶᠢᠱᠢ ᠶᠢ ᠲᠤᠮᠢᠯᠠᠨ ᠮᠢᠩ ᠤᠯᠤᠰ ᠤᠨ ᠱᠠᠨᠰᠢ᠂ ᠭᠠᠨᠰᠤ ᠮᠤᠵᠢ ᠶᠢ ᠲᠤᠪᠲᠤᠯᠤᠭᠤᠯᠵᠤ ᠠᠯᠪᠠᠲᠠᠨ ᠠᠷᠠᠯᠵᠢᠶ᠎ᠡ ᠨᠡᠭᠡᠭᠡᠯᠭᠡᠵᠡᠢ᠃ 1460 ᠤᠨ ᠳᠤ ᠪᠤᠯᠠᠢ ᠲᠠᠶᠢᠱᠢ ᠶᠢ ᠲᠤᠮᠢᠯᠠᠨ ᠭᠤᠷᠪᠠᠨ ᠵᠠᠮ ᠢᠶᠠᠷ ᠮᠢᠩ ᠤᠯᠤᠰ ᠢ ᠳᠠᠶᠢᠯᠠᠭᠤᠯᠪᠠ᠃ 1462 ᠤᠨ ᠳᠤ ᠪᠤᠯᠠᠢ ᠲᠠᠶᠢᠱᠢ ᠶᠢ ᠲᠤᠮᠢᠯᠠᠨ ᠵᠡᠭᠦᠨᠰᠢ ᠮᠤᠷᠳᠠᠭᠤᠯᠵᠤ ᠤᠷᠢᠶᠠᠩᠬᠠᠢ ᠤᠷᠤᠨ ᠢ ᠳᠠᠶᠢᠯᠠᠨ ᠲᠤᠪᠲᠤᠯᠤᠭᠰᠡᠨ ᠪᠠᠶᠢᠨ᠎ᠠ᠃1465 ᠤᠨ ᠳᠤ ᠪᠤᠯᠠᠢ ᠲᠡᠶᠢᠱᠢ ᠲᠠᠢ ᠡᠶ᠎ᠡ ᠡᠪᠲᠡᠷᠡᠯᠴᠡᠵᠤ᠂ ᠪᠤᠯᠠᠢ ᠲᠠᠶᠢᠱᠢ ᠦᠭᠡᠭᠲᠤ ᠬᠠᠭᠠᠨ ᠢ ᠬᠤᠤᠷᠯᠠᠨ ᠬᠤᠷᠤᠭᠠᠪᠠ᠃          ᠦᠭᠡᠭᠲᠤ ᠬᠠᠭᠠᠨ ᠤ ᠭᠤᠤᠯ ᠦᠢᠯᠡ ᠪᠠ ᠨᠦᠯᠦᠭᠡ᠄     ⒈ ᠬᠠᠭᠠᠨ ᠤᠷᠤ ᠳᠠᠬᠢᠨ ᠰᠡᠴᠡᠨ ᠬᠠᠭᠠᠨ ᠤ ᠤᠳᠤᠮ ᠤᠨ ᠬᠢᠨ ᠳᠤ ᠪᠤᠴᠠᠵᠤ ᠢᠷᠡᠵᠡᠢ᠃     ⒉ ᠠᠷᠪᠠᠨ ᠬᠤᠶᠠᠷ ᠵᠢᠯ ᠬᠠᠭᠠᠨ ᠰᠠᠭᠤᠵᠤ ᠶᠡᠭᠡ ᠲᠦᠰᠢᠮᠡᠯ ᠳᠤ ᠪᠠᠨ ᠬᠤᠷᠤᠭᠠᠭᠳᠠᠪᠠ᠃
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号