ᠴᠢᠩᠭᠢᠰ ᠬᠠᠭᠠᠨ ᠤ ᠪᠦᠳᠦᠭᠡᠭᠰᠡᠨ ᠠᠷᠪᠠᠨ ᠬᠤᠶᠠᠷ ᠳᠣᠨᠵᠢ ᠬᠢᠭᠡᠳ ᠠᠯᠳᠠᠷᠳᠤ ᠬᠦᠮᠦᠰ ᠤᠨ ᠦᠨᠡᠯᠡᠯᠳᠡ
ᠨᠡᠶᠢᠲᠡᠯᠡᠭᠰᠡᠨ ᠴᠠᠭ᠄
2020/9/8
ᠨᠢᠭᠡ᠂ ᠳᠡᠯᠡᠬᠡᠢ ᠳᠡᠭᠡᠷᠡᠬᠢ ᠬᠠᠮᠤᠭ ᠤᠨ ᠶᠡᠭᠡ ᠨᠣᠳᠤᠭ ᠳᠡᠪᠢᠰᠭᠡᠷ ᠪᠦᠬᠦᠢ ᠣᠯᠤᠰ ᠢ ᠪᠠᠶᠢᠭᠤᠯᠪᠠ᠃              ᠨᠠᠫᠤᠯᠢᠶᠣᠨ᠄ ᠪᠢ ᠴᠢᠩᠭᠢᠰ ᠬᠠᠭᠠᠨ ᠲᠠᠢ ᠠᠳᠠᠯᠢᠳᠬᠠᠬᠤ ᠶᠢᠨ ᠠᠷᠭ᠎ᠠ ᠦᠭᠡᠢ᠃ ᠡᠸᠦ᠋ᠷᠤᠫᠠ ᠶᠢ ᠳᠠᠶᠢᠯᠠᠭᠰᠠᠨ ᠮᠤᠩᠭᠤᠯ ᠴᠡᠷᠢᠭ ᠰᠠᠯᠬᠢᠨ ᠳᠤ ᠰᠢᠯᠵᠢᠭᠰᠡᠨ ᠡᠪᠡᠰᠤ ᠪᠢᠰᠢ᠃ ᠳᠡᠳᠡᠭᠡᠷ ᠨᠡᠭᠦᠳᠡᠯᠴᠢᠳ ᠬᠠᠳᠠᠭᠤ ᠴᠢᠩᠭ᠎ᠠ ᠴᠡᠷᠢᠭ ᠳᠠᠶᠢᠨ ᠤ ᠵᠤᠬᠢᠶᠠᠨ ᠪᠠᠶᠢᠭᠤᠯᠤᠯᠳᠠ ᠪᠠᠶᠢᠬᠤ ᠮᠦᠷᠳᠡᠭᠡᠨ ᠭᠦᠨ ᠪᠣᠳᠤᠯ ᠠᠯᠤᠰ ᠤᠨ ᠬᠠᠷᠠᠭ᠎ᠠ ᠲᠠᠢ ᠃ ᠳᠡᠳᠡᠨ ᠰᠡᠴᠡᠨ ᠰᠡᠷᠭᠦᠯᠡᠩ᠃ ᠨᠠᠳᠠ ᠳᠤ ᠡᠴᠢᠭᠡ ᠬᠠᠭᠠᠨ ᠳᠤ ᠪᠠᠨ ᠠᠮᠢ ᠴᠦᠯᠡᠨ ᠵᠢᠳᠬᠦᠳᠡᠭ ᠳᠦᠷᠪᠡᠨ ᠬᠦᠪᠡᠭᠦᠨ ᠦᠭᠡᠢ᠃    ︵ᠭᠡᠭᠡᠨ ᠡᠳᠦᠷ ᠤᠨ ᠨᠢᠳᠤ ᠨᠢ ᠪᠤᠯᠵᠤ᠂ ᠬᠠᠷᠠᠩᠭᠤᠢ ᠰᠦᠨᠢ ᠶᠢᠨ ᠴᠢᠬᠢᠨ ᠪᠣᠯᠳᠣᠭᠠᠢ︶      ᠬᠤᠶᠠᠷ᠂ ᠬᠦᠮᠦᠨ ᠲᠦᠷᠦᠯᠬᠢᠳᠡᠨ ᠤ ᠲᠡᠤᠬᠡᠨ ᠳᠡᠭᠡᠷ᠎ᠡ ᠬᠠᠮᠤᠭ ᠤᠨ ᠶᠡᠭᠡ ᠳᠠᠶᠢᠨ ᠢ ᠡᠭᠦᠰᠭᠡᠪᠡ᠃                    ᠮᠠᠷᠺᠰ᠄ ᠴᠢᠩᠭᠢᠰ ᠬᠠᠭᠠᠨ ᠠᠶᠠᠨ ᠳᠠᠶᠢᠨ ᠳᠤ ᠰᠢᠭᠤᠷᠬᠠᠶᠢᠯᠠᠨ ᠨᠢᠭᠡᠨ ᠨᠠᠰᠤ ᠪᠠᠷ ᠢᠶᠠᠨ ᠳᠣᠪᠳᠣᠯᠤᠨ ᠳᠠᠶᠢᠯᠠᠯᠳᠣᠵᠤ᠂ ᠮᠤᠩᠭᠤᠯ ᠦᠨᠳᠦᠰᠦᠳᠡᠨ ᠢᠶᠠᠨ ᠨᠢᠭᠡᠳᠬᠡᠭᠰᠡᠨ ᠢᠶᠠᠷ ᠪᠠᠷᠠᠬᠤ ᠦᠭᠡᠢ ᠪᠦᠬᠦ ᠳᠤᠮᠳᠠᠳᠤ ᠤᠯᠤᠰ ᠢ ᠨᠢᠭᠡᠳᠬᠡᠬᠦ ᠪᠠᠷ ᠴᠢᠷᠮᠠᠶᠢᠨ᠂ ᠡᠪᠦᠭᠡ ᠠᠴᠢ ᠭᠤᠷᠪᠠᠨ ᠦᠶ᠎ᠡ ᠪᠠᠷ ᠢᠶᠠᠨ ᠴᠢᠷᠮᠠᠶᠢᠨ ᠲᠡᠮᠡᠴᠡᠵᠤ᠂ ᠵᠢᠷᠠ ᠳᠠᠯᠠᠨ ᠵᠢᠯ ᠎ ᠤᠨ ᠳᠠᠶᠢᠯᠠᠯᠳᠣᠨ ᠪᠠᠶᠢᠯᠳᠤᠵᠤ ᠪᠠᠶᠢᠮᠠᠨᠵᠢᠨ 720 ᠭᠠᠷᠤᠢ ᠣᠭᠰᠠᠭᠠᠳᠠᠨ ᠢ ᠲᠦᠪᠰᠢᠳᠬᠡᠨ ᠲᠣᠭᠳᠠᠭᠠᠵᠡᠢ᠃ ︽ᠠᠽᠢ ᠶᠢᠨ ᠬᠠᠮᠤᠭ ᠬᠦᠴᠦᠷᠬᠡᠭ ᠦᠨᠳᠦᠰᠦᠳᠡᠨ ᠭᠡᠪᠡᠯ ᠶᠣᠸᠠᠨ ᠣᠯᠤᠰ ᠤᠨ ᠮᠤᠩᠭᠤᠯᠴᠣᠳ ᠯᠠ ᠵᠢᠭᠰᠠᠭᠠᠭᠳᠠᠨ᠎ᠠ᠂ ᠳᠣᠮᠳᠠᠳᠤ ᠶᠢᠨ ᠶᠠᠮᠠᠷᠪᠠ ᠲᠡᠤᠬᠡᠨ ᠣᠯᠤᠰ ᠭᠦᠷᠦᠨ ᠠᠴᠠ ᠪᠦᠷ ᠬᠤᠯᠠ ᠳᠠᠪᠠᠭᠰᠠᠨ ᠨᠢ ᠮᠤᠩᠭᠤᠯᠴᠣᠳ ᠶᠤᠮ︾ ᠭᠡᠪᠡ᠃    ︵ᠦᠵᠡᠭᠰᠡᠨ ᠢᠶᠠᠨ ᠦᠯᠤ ᠳᠠᠯᠳᠠᠯᠠᠵᠤ᠂ ᠮᠡᠳᠡᠭᠰᠡᠨ ᠢᠶᠠᠨ ᠪᠤᠤ ᠨᠢᠭᠤᠭᠳᠣᠨ︶      ᠭᠤᠷᠪᠠ᠂ ᠬᠠᠮᠤᠭ ᠠᠴᠠ ᠡᠷᠳᠡ ᠲᠡᠭᠡᠭᠡᠪᠤᠷᠢ ᠬᠤᠯᠪᠣᠭᠠᠨ ᠤ ᠰᠢᠰᠲ᠋ᠧᠮ ᠢ ᠪᠠᠶᠢᠭᠤᠯᠪᠠ᠃              ᠣᠯᠠᠨ ᠣᠯᠤᠰ ᠤᠨ ᠬᠤᠯᠪᠤᠭᠠᠳᠤ ᠪᠠᠶᠢᠭᠤᠯᠤᠯᠭ᠎ᠠ ᠶᠢᠨ ᠨᠠᠷᠢᠨ ᠪᠢᠴᠢᠭ ᠤᠨ ᠳᠠᠷᠤᠭ᠎ᠠ ᠠᠨᠠᠨᠠᠮ᠄      ᠨᠡᠭᠦᠳᠡᠯ ᠰᠣᠶᠤᠯ ᠪᠣᠯ ᠪᠦᠬᠦᠶᠢᠯᠡ ᠬᠦᠮᠦᠨ ᠲᠦᠷᠦᠯᠬᠢᠳᠡᠨ ᠤ ᠠᠭᠤᠤ ᠶᠡᠭᠡ ᠰᠣᠶᠤᠯ ᠪᠤᠯᠤᠨ᠎ᠠ᠃13 ᠳ᠋ᠣᠭᠠᠷ ᠵᠠᠭᠤᠨ ᠳᠤ ᠴᠢᠩᠭᠢᠰ ᠬᠠᠭᠠᠨ ᠮᠤᠩᠭᠤᠯᠴᠣᠳ ᠢ ᠨᠢᠭᠡᠳᠬᠡᠨ ᠳᠡᠯᠡᠬᠡᠢ ᠳᠤ ᠬᠤᠤᠰ ᠦᠭᠡᠢ ᠦᠷᠭᠡᠨ ᠠᠭᠤᠳᠠᠮ ᠮᠤᠩᠭᠤᠯ ᠬᠠᠭᠠᠨᠳᠤ ᠤᠯᠤᠰ ᠢ ᠪᠠᠶᠢᠭᠤᠯᠵᠡᠢ᠃ ᠲᠡᠭᠦᠨ ᠤ ᠪᠠᠶᠢᠭᠤᠯᠤᠭᠰᠠᠨ ᠲᠦᠷᠦ ᠵᠠᠰᠠᠭ ᠪᠠ ᠲᠤᠭᠳᠠᠭᠠᠭᠰᠠᠨ ᠬᠠᠤᠯᠢ ᠴᠠᠭᠠᠵᠠ ᠨᠢ ᠦᠨᠦᠳᠦᠷ ᠤᠨ ᠳᠡᠯᠡᠬᠡᠢ ᠳᠤ ᠲᠤᠩ ᠶᠡᠭᠡ ᠢᠳᠡᠪᠬᠢ ᠨᠦᠯᠦᠭᠡ ᠦᠵᠡᠭᠦᠯᠵᠤ ᠪᠠᠶᠢᠨ᠎ᠠ᠃    ︵ᠪᠦᠯᠬᠦᠮᠳᠡᠨ ᠨᠢᠭᠳᠠᠷᠠᠪᠠᠰᠤ ᠬᠦᠴᠦᠷᠬᠡᠭᠵᠢᠨ᠎ᠡ᠂ ᠬᠠᠭᠠᠴᠠᠨ ᠰᠠᠯᠪᠠᠰᠤ ᠰᠦᠨᠦᠮᠦᠢ︶     ᠳᠦᠷᠪᠡ᠂ ᠴᠡᠷᠢᠭ ᠤᠨ ᠡᠷᠳᠡᠮ ᠢ ᠬᠦᠢᠳᠡᠨ ᠵᠡᠪᠰᠡᠭ ᠤᠨ ᠦᠶ᠎ᠡ ᠶᠢᠨ ᠣᠷᠭᠢᠯ ᠳᠤ ᠬᠦᠷᠭᠡᠪᠡ᠃                    ᠡᠨᠡᠳᠬᠡᠭ ᠤᠨ ᠶᠡᠷᠦᠩᠬᠡᠢ ᠰᠠᠶᠢᠳ ᠠᠭᠰᠠᠨ ᠵᠡᠸᠡᠬᠯᠠᠯ ᠨᠢᠷᠣ᠋ ᠬᠡᠯᠡᠭᠰᠡᠨ ᠨᠢ᠄ ︽ᠮᠤᠩᠭᠤᠯᠴᠣᠳ ᠤᠨ ᠳᠠᠶᠢᠨ ᠎ ᠤ ᠲᠠᠯᠠᠪᠤᠷ ᠲᠠᠬᠢ ᠠᠭᠤᠤ ᠶᠡᠭᠡ ᠢᠯᠠᠯᠳᠠ ᠪᠣᠯ ᠴᠡᠷᠢᠭ ᠮᠣᠷᠢᠨ ᠤ ᠣᠯᠠᠨ ᠳᠤ ᠲᠦᠰᠢᠭᠯᠡᠭᠰᠡᠨ ᠪᠢᠰᠢ᠂ ᠬᠠᠷᠢᠨ ᠴᠢᠩᠭ᠎ᠠ ᠬᠠᠳᠠᠭᠤ ᠰᠠᠬᠢᠯᠭ᠎ᠠ ᠪᠠᠳᠣ᠂ ᠢᠳᠡᠭᠡᠮᠵᠢᠳᠠᠢ ᠵᠤᠬᠢᠶᠠᠨ ᠪᠠᠶᠢᠭᠤᠯᠤᠯᠳᠠ ᠶᠢ ᠲᠦᠰᠢᠭᠯᠡᠭᠰᠡᠨ ᠪᠠᠶᠢᠨ᠎ᠠ᠃ ᠦᠭᠡᠷ᠎ᠡ ᠪᠠᠷ ᠬᠡᠯᠡᠪᠡᠯ ᠴᠢᠩᠭᠢᠰ ᠬᠠᠭᠠᠨ ᠤ ᠵᠢᠯᠤᠭᠤᠳᠤᠯᠭ᠎ᠠ ᠶᠢᠨ ᠣᠷ᠎ᠠ ᠮᠡᠷᠭᠡᠵᠢᠯ ᠢᠶᠠᠷ ᠪᠡᠶᠡᠯᠡᠭᠰᠡᠨ ᠠᠵᠡᠢ᠃ ᠮᠤᠩᠭᠤᠯᠴᠣᠳ ᠤᠨ ᠳᠠᠶᠢᠨ ᠪᠠᠶᠢᠯᠳᠤᠭᠠᠨ ᠤ ᠬᠦᠷᠢᠶ᠎ᠡ ᠬᠡᠪᠴᠢᠶ᠎ᠡ ᠪᠠ ᠠᠮᠢᠳᠤᠯᠢᠭ ᠴᠢᠨᠠᠷ ᠵᠢᠴᠢ ᠪᠦᠰᠡᠯᠡᠬᠦ ᠪᠣᠳᠤᠯᠭ᠎ᠠ ᠪᠠ ᠪᠠᠶᠢᠯᠳᠤᠬᠤ ᠠᠷᠭ᠎ᠠ ᠶᠢ ᠳᠣᠷᠠᠳᠪᠠᠯ ᠲᠡᠤᠬᠡᠨ ᠳᠤ ᠦᠭᠡᠷ᠎ᠡ ᠬᠠᠷᠠᠭᠳᠠᠭᠰᠠᠨ ᠦᠭᠡᠢ᠃ ᠡᠶᠢᠮᠤ ᠠᠴᠠ ᠴᠢᠩᠭᠢᠰ ᠬᠠᠭᠠᠨ ᠪᠣᠯ ᠲᠡᠤᠬᠡᠨ ᠳᠡᠭᠡᠷᠡᠬᠢ ᠴᠣᠷ ᠤᠨ ᠭᠠᠭᠴᠠ ᠠᠭᠤᠤ ᠶᠡᠭᠡ ᠳᠠᠶᠢᠨ ᠤ ᠣᠳᠤᠷᠢᠳᠤᠭᠴᠢ ᠪᠤᠯᠤᠨ᠎ᠠ︾ ᠭᠡᠵᠡᠢ᠃     ︽ᠪᠡᠶ᠎ᠡ ᠪᠠᠨ ᠵᠠᠰᠠᠵᠤ ᠴᠢᠳᠠᠪᠠᠰᠣ ᠭᠡᠷ ᠢᠶᠠᠨ ᠵᠠᠰᠠᠵᠤ ᠴᠢᠳᠠᠮᠤᠢ᠂ ᠭᠡᠷ ᠢᠶᠠᠨ ᠵᠠᠰᠠᠵᠤ ᠴᠢᠳᠠᠪᠠᠰᠤ ᠤᠯᠤᠰ ᠢᠶᠠᠨ ᠵᠠᠰᠠᠵᠤ ᠴᠢᠳᠠᠮᠤᠢ︶     ᠲᠠᠪᠤ᠂ ᠬᠦᠮᠦᠨ ᠲᠦᠷᠦᠯᠬᠢᠳᠡᠨ ᠤ ᠲᠡᠤᠬᠡᠨ ᠳᠡᠭᠡᠷᠡᠬᠢ ᠬᠠᠮᠤᠭ ᠤᠨ ᠣᠯᠠᠨ ᠬᠤᠪᠤᠷ ᠦᠪ ᠬᠦᠷᠦᠩᠭᠡ  ᠦᠯᠡᠳᠡᠭᠡᠪᠡ  ᠃              ᠡᠩᠭᠧᠯᠡᠰ᠄ ᠴᠢᠩᠭᠢᠰ ᠬᠠᠭᠠᠨ ᠳᠤᠮᠳᠠᠳᠤ ᠵᠠᠭᠤᠨ ᠤ ᠦᠷᠦᠨ᠎ᠡ ᠶᠢᠨ ᠣᠯᠤᠰ ᠤᠳ ᠤᠨ ᠵᠢᠷᠦᠬᠡ ᠶᠢ ᠨᠢ ᠭᠠᠷ ᠎ ᠲᠤ ᠨᠢ ᠪᠠᠷᠢᠭᠤᠯᠤᠭᠰᠠᠨ ᠁      ︵ᠬᠤᠯᠠ ᠬᠡᠮᠡᠨ ᠪᠣᠣ ᠴᠦᠬᠦ ᠶᠠᠪᠣᠪᠠᠰᠤ ᠬᠦᠷᠦᠶᠤ᠂ ᠬᠦᠨᠳᠤ ᠬᠡᠮᠡᠨ ᠪᠤᠤ ᠴᠦᠬᠦ ᠡᠷᠭᠦᠪᠡᠰᠤ ᠳᠠᠭᠠᠭᠠᠶᠤ︶  ᠵᠢᠷᠭᠤᠭ᠎ᠠ᠂ ᠳᠡᠯᠡᠬᠡᠢ ᠶᠢᠨ ᠲᠡᠤᠬᠡᠨ ᠳᠤ ᠬᠠᠮᠤᠭ ᠠᠴᠠ ᠶᠡᠭᠡ ᠨᠦᠯᠦᠭᠡ ᠭᠠᠷᠭᠠᠪᠠ᠃              ᠰᠦᠨ ᠵᠦᠩ ᠱᠠᠨ᠄ ᠲᠡᠤᠬᠡ ᠶᠢ ᠠᠵᠢᠬᠤᠯ᠎ᠠ ᠴᠢᠩᠭᠢᠰ ᠬᠠᠭᠠᠨ ᠤ ᠴᠠᠭ ᠦᠶ᠎ᠡ ᠳᠤᠮᠳᠠᠳᠤ ᠣᠯᠤᠰ ᠤᠨ ᠬᠠᠮᠤᠭ ᠤᠨ ᠮᠠᠨᠳᠤᠭᠰᠠᠨ ᠦᠶ᠎ᠡ ᠠᠴᠠ ᠴᠦ ᠨᠡᠩ ᠬᠦᠴᠦᠷᠬᠡᠭ᠂ ᠨᠡᠩ ᠠᠭᠤᠤ ᠪᠠᠶᠢᠭᠰᠠᠨ ᠁︵ᠣᠯᠠᠨ ᠤ ᠳᠣᠲᠤᠷ᠎ᠠ ᠦᠭᠡ ᠪᠠᠨ ᠰᠢᠨᠵᠢ᠂ ᠭᠠᠭᠴᠠᠭᠠᠷ ᠶᠠᠪᠤᠬᠤ ᠳᠤ ᠰᠡᠳᠭᠢᠯ ᠢᠶᠠᠨ ᠰᠢᠨᠵᠢ︶       ᠳᠣᠯᠤᠭ᠎ᠠ᠂ ᠳᠡᠯᠡᠬᠡᠢ ᠶᠢᠨ ᠣᠯᠤᠰ ᠲᠦᠷᠦ ᠶᠢᠨ ᠠᠷᠠᠳᠴᠢᠯᠠᠯ ᠢ ᠬᠠᠮᠤᠭ ᠲᠦᠷᠦᠭᠦᠨ ᠳᠤ ᠬᠡᠷᠡᠭᠵᠢᠭᠦᠯᠪᠡ᠃ ᠮᠠᠤ ᠽᠧ ᠳ᠋ᠦᠩ᠄ ᠴᠢᠩᠭᠢᠰ ᠬᠠᠭᠠᠨ ᠤ ᠦᠶ᠎ᠡ ᠶᠢᠨ ᠦᠷ᠎ᠡ ᠪᠦᠳᠦᠮᠵᠢ ᠶᠢ ᠬᠠᠳᠠᠭᠠᠯᠠᠬᠤ ᠬᠡᠷᠡᠭᠳᠡᠢ᠃      ︵ᠬᠡᠷᠪᠡ ᠳᠠᠶᠢᠰᠤᠨ ᠬᠦᠬᠡᠷᠡᠬᠦ ᠵᠢᠭᠦᠷ ᠲᠠᠢ ᠪᠣᠯᠵᠤ ᠬᠦᠬᠡ ᠲᠡᠭᠷᠢ ᠳᠤ ᠨᠢᠰᠪᠡᠯ᠂ ᠬᠦᠨᠦᠭᠡᠬᠦ ᠱᠣᠩᠬᠤᠷ ᠪᠣᠯᠵᠤ ᠬᠦᠭᠡᠭᠡᠵᠤ ᠲᠡᠭᠦᠨ ᠶᠢ ᠪᠠᠷᠢᠭᠠᠷᠠᠢ︶      ᠨᠠᠢᠮᠠ᠂ ᠳᠡᠯᠡᠬᠡᠢ ᠶᠢᠨ ᠬᠤᠶᠠᠳᠠᠬᠢ ︽ᠮᠢᠩᠭᠠᠨ ᠤ ᠦᠵᠦᠭᠦᠷ ᠪᠠᠶᠠᠨ︾ ᠪᠣᠯᠪᠠ᠃              ᠣᠷᠤᠰ ᠤᠨ ᠴᠡᠷᠢᠭ ᠤᠨ ᠣᠬᠠᠭᠠᠨᠳᠠᠨ ᠺᠣᠷᠧᠺᠢᠨ ᠬᠡᠯᠡᠭᠰᠡᠨ ᠨᠢ᠄ ᠳᠡᠯᠡᠬᠡᠢ ᠶᠢᠨ ᠲᠡᠤᠬᠡ ᠶᠢ ᠳᠡᠯᠭᠡᠨ ᠦᠵᠡᠪᠡᠯ᠂ ᠬᠠᠮᠤᠭ ᠴᠦᠭᠡᠨ ᠴᠡᠷᠢᠭ ᠢᠶᠠᠷ ︵ᠷᠠᠰᠢᠳ᠋ ᠤᠨ ᠬᠡᠯᠡᠬᠦ ᠪᠠᠷ ᠠᠷᠪᠠᠨ ᠬᠤᠶᠠᠷ ᠲᠦᠮᠡᠨ ᠴᠡᠷᠢᠭ︶ ᠬᠠᠮᠤᠭ ᠣᠬᠤᠷ ᠴᠠᠭ ᠢᠶᠠᠷ ︵1207 —1227 ᠨᠡᠶᠢᠳᠡ ᠬᠤᠷᠢᠬᠠᠨ ᠣᠨ︶ ᠬᠠᠮᠤᠭ ᠶᠡᠭᠡ ᠨᠣᠳᠤᠭ ︵ᠠᠽᠢ ᠡᠸᠦ᠋ᠷᠣᠫᠠ ᠎ ᠶᠢᠨ ᠶᠡᠬᠡᠩᠬᠢ ᠣᠷᠤᠨ︶᠎ ᠢ ᠡᠵᠡᠮᠰᠢᠨ᠂ ᠬᠠᠮᠤᠭ ᠣᠯᠠᠨ ᠠᠷᠠᠳ ᠢᠷᠭᠡᠳ ︵ᠵᠢᠷᠭᠤᠭ᠎ᠠ ᠳ᠋ᠦᠩᠰᠢᠭᠤᠷ︶᠎ ᠢ ᠨᠤᠶᠠᠷᠬᠠᠭᠰᠠᠨ ᠬᠦᠮᠦᠨ ᠪᠣᠯ ᠴᠢᠩᠭᠢᠰ ᠬᠠᠭᠠᠨ ᠠᠴᠠ ᠦᠭᠡᠷ᠎ᠡ ᠬᠦᠮᠦᠨ ᠭᠠᠷᠴᠤ ᠦᠩᠭᠡᠷᠡᠭᠰᠡᠨ ᠦᠭᠡᠢ᠂ ᠢᠷᠡᠭᠡᠳᠦᠢ ᠎ ᠳᠤ ᠴᠦ ᠭᠠᠷᠬᠤ ᠦᠭᠡᠢ︾ ᠭᠡᠵᠡᠢ᠃     ︵ᠠᠯᠢᠪᠠ ᠬᠦᠮᠦᠨ ᠤ ᠬᠡᠷᠡᠭᠴᠡᠭᠡ ᠴᠦᠮ ᠳᠠᠩ ᠰᠠᠴᠠᠭᠤ ᠲᠤᠯᠠ ᠠᠯᠢᠪᠠ ᠬᠦᠮᠦᠨ ᠤ ᠬᠦᠷᠦᠩᠭᠡ ᠬᠤᠭᠰᠢᠯ᠂ ᠡᠷᠬᠡ ᠬᠦᠴᠤ ᠲᠠᠢ ᠰᠢᠯᠳᠠᠭᠠᠨ ᠢᠶᠠᠷ ᠢᠯᠭᠠᠪᠤᠷᠢ ᠭᠠᠷᠭᠠᠬᠤ ᠬᠡᠷᠡᠭ ᠦᠭᠡᠢ︶      ᠶᠢᠰᠤ᠂ ᠳᠡᠯᠡᠬᠡᠢ ᠳᠡᠭᠡᠷᠡᠬᠢ ᠬᠠᠮᠤᠭ ᠠᠴᠠ ᠢᠯᠡᠭᠦᠤ ᠰᠢᠳᠦᠭᠳᠡᠭᠰᠡᠨ ᠬᠠᠭᠠᠨ ᠪᠤᠯᠪᠠ᠃              ᠺᠤᠷᠢᠶᠠ ᠶᠢᠨ ᠶᠡᠷᠦᠩᠬᠡᠶᠢᠯᠡᠭᠴᠢ ᠺᠠᠮ ᠳ᠋ᠠ ᠵᠤᠩ1999 ᠣᠨ ᠤ 6 ᠳ᠋ᠤᠭᠠᠷ ᠰᠠᠷ᠎ᠠ ᠳᠤ ᠬᠡᠯᠡᠭᠰᠡᠨ ᠨᠢ᠄ ︽ᠵᠠᠷᠢᠮ ᠬᠦᠮᠦᠨ ᠤ ᠬᠡᠯᠡᠬᠦ ᠪᠠᠷ ᠮᠤᠩᠭᠤᠯᠴᠣᠳ ᠪᠠᠶᠢᠮᠠᠨᠵᠢᠨ ᠰᠠᠶ᠋ᠢ ᠳᠡᠯᠡᠬᠡᠢ ᠶᠢᠨ ᠲᠡᠤᠬᠡ ᠡᠬᠢᠯᠡᠭᠰᠡᠨ ᠭᠡᠳᠡᠭ᠂ ᠮᠤᠩᠭᠤᠯᠴᠣᠳ ᠤᠨ ᠠᠰᠪᠤᠷᠢ ᠴᠠᠶᠢᠯᠭᠠᠨ ᠭᠦᠳᠦᠰ ᠰᠢᠯᠤᠭᠤᠨ ᠵᠠᠩ ᠴᠢᠨᠠᠷ ᠪᠤᠯᠤᠨ ᠡᠷᠡᠯᠬᠡᠭ ᠪᠠᠭᠠᠳᠣᠷ᠂ ᠦᠬᠦᠬᠦ ᠎ ᠠᠴᠠ ᠠᠶᠤᠬᠤ ᠦᠭᠡᠢ ᠵᠤᠷᠢᠭ ᠰᠠᠨᠠᠭ᠎ᠠ ᠪᠣᠯ ᠰᠠᠶ᠋ᠢ ᠠᠭᠤᠣ ᠶᠡᠭᠡ ᠴᠢᠩᠭᠢᠰ ᠬᠠᠭᠠᠨ ᠢ ᠱᠣᠭᠤᠮᠯᠠᠨ ᠪᠣᠰᠬᠠᠭᠰᠠᠨ ᠦᠯᠦᠭᠡᠢ ᠮᠥᠨ︾ ᠭᠡᠪᠡ᠃     ︵ᠬᠠᠮᠤᠭ ᠤᠨ ᠦᠨᠡᠨ ᠦᠭᠡ ᠲᠠᠢ᠂ ᠴᠢᠩ ᠰᠢᠳᠣᠷᠭᠤ ᠬᠦᠮᠦᠨ ᠳᠤ ᠬᠠᠮᠤᠭ ᠤᠨ ᠶᠡᠭᠡ ᠦᠢᠯᠡ ᠬᠡᠷᠡᠭ ᠢ ᠲᠣᠰᠢᠶᠠᠵᠤ ᠪᠠᠢ︶      ᠠᠷᠪᠠ᠂ ᠱᠠᠰᠢᠨ ᠰᠢᠳᠦᠯᠭᠡ ᠳᠤ ᠬᠠᠮᠤᠭ ᠠᠴᠠ ᠴᠢᠯᠦᠭᠡ ᠲᠠᠢ ᠲᠦᠷᠦ ᠶᠢᠨ ᠪᠣᠳᠤᠯᠭ᠎ᠠ ᠬᠡᠷᠡᠭᠵᠢᠭᠦᠯᠪᠡ᠃      ᠠᠮᠧᠷᠢᠺᠠ ᠭᠠᠷᠠᠭ ᠤᠨ ᠰᠡᠳᠭᠦᠯ᠄ ᠭᠠᠢ ᠵᠤᠪᠠᠯᠠᠩ ᠠᠴᠠ ᠡᠬᠢᠯᠡᠵᠤ᠂ ᠭᠠᠷᠮᠠᠭᠠᠢ ᠰᠢᠭᠠᠷᠠᠯᠳᠠ ᠪᠠᠷ ᠲᠡᠭᠦᠰᠴᠡᠢ ᠃ ᠢᠰᠦ᠋ᠰ ᠠᠴᠠ ᠣᠨᠳᠣᠣ ᠴᠢᠩᠭᠢᠰ ᠬᠠᠭᠠᠨ ᠲᠠᠢ ᠠᠳᠠᠯᠢᠳᠬᠠᠵᠤ ᠳᠡᠶᠢᠯᠬᠦ ᠬᠦᠮᠦᠨ ᠭᠡᠵᠤ ᠦᠭᠡᠢ᠃ ᠳᠡᠯᠡᠬᠡᠢ ᠎ ᠳᠠᠬᠢ ᠬᠠᠮᠤᠭ ᠨᠦᠯᠦᠭᠡ ᠲᠠᠢ ᠬᠦᠮᠦᠨ᠂ ᠬᠤᠶᠠᠳᠣᠭᠠᠷ ᠮᠢᠩᠭᠠᠨ ᠤ ᠲᠡᠷᠢᠭᠦᠨ ᠬᠦᠮᠦᠨ᠃   ︵ᠵᠢᠳᠭᠦᠯ᠂ ᠲᠡᠮᠡᠴᠡᠯ ᠢ ᠦᠨᠡᠯᠡᠵᠤ ᠮᠡᠳᠡᠬᠦ ᠦᠭᠡᠢ᠂ ᠬᠠᠷᠠᠩᠭᠤᠢ ᠡᠵᠡᠨ ᠤ ᠡᠮᠦᠨ᠎ᠡ ᠪᠦᠬᠦᠶᠢᠵᠤ ᠶᠠᠭᠤ ᠬᠢᠮᠤᠢ︶      ᠠᠷᠪᠠᠨ ᠨᠢᠭᠡ᠂ ᠳᠡᠯᠡᠬᠡᠶᠢᠴᠢᠯᠡᠬᠦ ᠶᠢ ᠬᠠᠮᠤᠭ ᠡᠷᠳᠡ ᠳᠣᠷᠠᠳᠣᠭᠰᠠᠨ ᠪᠦᠭᠡᠳ ᠪᠡᠶᠡᠯᠡᠭᠦᠯᠪᠡ᠃              ᠠᠩᠭ᠍ᠯᠢ ᠶᠢᠨ ᠡᠷᠳᠡᠮᠳᠡᠨ ᠯᠠᠢ ᠮᠦ᠋ ᠬᠡᠯᠡᠭᠰᠡᠨ ᠨᠢ᠄ ︽ᠴᠢᠩᠭᠢᠰ ᠬᠠᠭᠠᠨ ᠪᠣᠯ ᠡᠸᠦ᠋ᠷᠣᠫᠠ ᠶᠢᠨ ᠲᠡᠤᠬᠡᠨ ᠳᠡᠭᠡᠷᠡᠬᠢ ᠬᠠᠮᠤᠭ ᠰᠢᠯᠭᠠᠷᠠᠭᠰᠠᠨ ᠬᠦᠮᠦᠰ ᠠᠴᠠ ᠪᠠᠰᠠ ᠦᠷᠭᠡᠨ ᠬᠡᠪᠴᠢᠶ᠎ᠡ ᠪᠠᠷ ᠳᠡᠯᠡᠬᠡᠢ ᠳᠠᠬᠢᠨ ᠢ ᠪᠠᠶᠢᠯᠳᠤᠨ ᠳᠠᠭᠠᠭᠤᠯᠵᠡᠢ᠃ ᠲᠡᠭᠦᠨ ᠤ ᠦᠢᠯᠡ ᠠᠵᠢᠯᠯᠠᠭ᠎ᠠ ᠶᠢ ᠶᠡᠷᠤ ᠶᠢᠨ ᠬᠡᠮᠵᠢᠶ᠎ᠡ ᠪᠠᠷ ᠬᠡᠮᠵᠢᠶᠡᠯᠡᠵᠤ ᠪᠣᠯᠬᠤ ᠦᠭᠡᠢ᠂ ᠲᠡᠭᠦᠨ ᠤ ᠴᠡᠷᠢᠭ ᠪᠠᠭᠠᠳᠣᠷᠴᠣᠳ ᠤᠨ ᠳᠠᠶᠢᠯᠠᠯᠳᠣᠨ ᠶᠠᠪᠤᠭᠰᠠᠨ ᠵᠠᠮ ᠮᠦᠷ ᠢ ᠭᠠᠵᠠᠷ ᠤᠨ ᠨᠢᠭᠡᠴᠡ ᠪᠠᠷ ᠪᠢᠰᠢ᠂ ᠬᠠᠷᠢᠨ ᠣᠷᠳᠤᠷᠢᠭ ᠦᠷᠭᠡᠷᠢᠭ ᠢᠶᠠᠷ ᠬᠡᠮᠵᠢᠶᠡᠯᠡᠬᠦ ᠪᠣᠯᠤᠭᠰᠠᠨ ᠶᠤᠮ︾ ᠭᠡᠵᠡᠢ᠃     ︵ᠠᠷᠭ᠎ᠠ ᠬᠦᠴᠤ ᠪᠠᠨ ᠶᠡᠭᠡ ᠪᠣᠯᠭᠠᠶ᠎ᠠ ᠭᠡᠬᠦᠯ᠎ᠡ ᠠᠷᠠᠳ᠂ ᠴᠡᠷᠢᠭ ᠶᠦᠭᠡᠨ ᠠᠰᠠᠷᠠ︕ ᠠᠭᠤᠵᠢᠮ ᠰᠣᠯᠠ ᠵᠢᠷᠭᠠᠶ᠎ᠠ ᠭᠡᠬᠦᠯ᠎ᠡ ᠡᠶ᠎ᠡ ᠡᠪ ᠶᠦᠭᠡᠨ ᠢᠮᠠᠭᠳᠠ ᠬᠢᠴᠢᠶᠡ︕︶      ᠠᠷᠪᠠᠨ ᠬᠤᠶᠠᠷ᠂ ᠨᠢᠭᠡ ᠨᠠᠰᠣᠨ ᠳᠠᠭᠠᠨ ᠬᠠᠮᠤᠭ ᠠᠴᠠ ᠣᠯᠠᠨ ︽ᠣᠨᠢᠰᠤᠭ᠎ᠠ︾ ᠦᠯᠡᠳᠡᠭᠡᠪᠡ᠃                ᠬᠢᠳᠡᠳ ᠤᠨ ᠯᠢᠤ ᠯᠧ ᠲᠤ ᠭᠡᠳᠡᠭ ᠲᠡᠤᠬᠡᠨ ᠷᠤᠮᠠᠨ ᠤ ᠵᠤᠬᠢᠶᠠᠯᠴᠢ ᠶᠢᠨ ᠵᠤᠬᠢᠶᠠᠭᠰᠠᠨ ︽ᠴᠢᠩᠭᠢᠰ ᠬᠠᠭᠠᠨ ︾ ᠨᠤᠮ ᠳᠤ ᠪᠢᠴᠢᠭᠰᠡᠨ ᠨᠢ ︽ᠴᠢᠩᠭᠢᠰ ᠬᠠᠭᠠᠨ ᠪᠣᠯ ᠰᠠᠶ᠋ᠢ ᠳᠡᠯᠡᠬᠡᠢ ᠳᠠᠬᠢᠨ᠎ᠠ ᠬᠡᠨ ᠬᠦᠮᠦᠨᠨ ᠴᠦ ᠮᠦᠷᠤ ᠵᠡᠷᠭᠡᠴᠡᠵᠤ ᠴᠢᠳᠠᠰᠢ ᠦᠭᠡᠢ ᠭᠠᠶᠢᠬᠠᠮᠰᠢᠭᠳᠤ ᠠᠪᠢᠶᠠᠰᠳᠠᠨ᠂ ᠠᠤᠭ᠎ᠠ ᠳᠠᠶᠢᠨᠴᠢ ᠪᠤᠯᠤᠨ᠎ᠠ᠂ ᠲᠡᠷᠡ ᠬᠦᠮᠦᠨ ᠲᠦᠷᠦᠯᠬᠢᠳᠡᠨ ᠤ ᠴᠡᠷᠢᠭ ᠳᠠᠶᠢᠨ ᠤ ᠡᠷᠳᠡᠮ ᠢ ᠣᠷᠭᠢᠯ ᠲᠤᠨᠢ ᠲᠤᠯᠭᠠᠨ᠂ ᠢᠷᠤᠭᠠᠷ ᠲᠤᠨᠢ ᠬᠦᠷᠭᠡᠵᠤ᠂ ᠲᠣᠶᠢᠯ ᠢ ᠎ ᠨᠢ ᠦᠵᠡᠭᠦᠯᠦᠭᠰᠡᠨ ᠬᠦᠮᠦᠨ ᠪᠦᠯᠦᠭᠡ︾᠂ ︽ᠬᠡᠨ ᠬᠦᠮᠦᠨ ᠢ ᠳᠠᠶᠢᠨᠴᠢ ᠰᠠᠬᠢᠭᠤᠯᠰᠣᠨ ᠪᠤᠢ ᠭᠡᠬᠦᠯ᠎ᠡ ᠴᠢᠩᠭᠢᠰ ᠬᠠᠭᠠᠨ ᠠᠴᠠ ᠦᠭᠡᠷ᠎ᠡ ᠬᠦᠮᠦᠨ ᠨᠢᠭᠡᠴᠤ ᠪᠠᠶᠢᠬᠤ ᠦᠭᠡᠢ︾ ᠭᠡᠵᠡᠢ᠃    ︵ᠪᠡᠶ᠎ᠡ ᠪᠠᠭᠠᠳᠣᠷ ᠪᠣᠯᠪᠠᠰᠤ ᠨᠢᠭᠡᠨ ᠦᠶ᠎ᠡ ᠶᠢᠨ ᠪᠠᠭᠠᠳᠣᠷ ᠪᠣᠶᠤ᠂  ᠪᠢᠯᠢᠭ ᠪᠠᠭᠠᠳᠣᠷ ᠪᠣᠯᠪᠠᠰᠤ ᠲᠦᠮᠡᠨ ᠦᠶ᠎ᠡ ᠎ ᠶᠢᠨ ᠪᠠᠭᠠᠳᠣᠷ ᠪᠤᠶᠤ︶
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号