ᠮᠠᠨᠳᠤᠭᠤᠯ ᠬᠠᠭᠠᠨ ︵1426—1476︶
ᠨᠡᠶᠢᠲᠡᠯᠡᠭᠰᠡᠨ ᠴᠠᠭ᠄
2020/9/16
     ᠶᠡᠭᠡ ᠮᠤᠩᠭᠤᠯ ᠤᠯᠤᠰ ᠤᠨ ᠭᠤᠴᠢᠨ ᠭᠤᠷᠪᠠᠳᠤᠭᠠᠷ ᠦᠶ᠎ᠡ ᠶᠢᠨ ᠶᠡᠭᠡ ᠬᠠᠭᠠᠨ᠂ ᠶᠤᠸᠠᠨ ᠤᠯᠤᠰ ᠤᠨ ᠭᠤᠴᠢᠳᠤᠭᠠᠷ ᠦᠶ᠎ᠡ ᠶᠢᠨ ᠶᠡᠭᠡ ᠬᠠᠭᠠᠨ᠂ ᠤᠮᠠᠷᠠᠲᠤ ᠶᠤᠸᠠᠨ ᠤᠯᠤᠰ ᠤᠨ ᠠᠷᠪᠠ ᠶᠢᠰᠦᠳᠦᠭᠡᠷ ᠦᠶ᠎ᠡ ᠶᠢᠨ ᠶᠡᠭᠡ ᠬᠠᠭᠠᠨ᠂ ᠮᠤᠩᠭᠤᠯ ᠦᠨᠳᠦᠰᠦᠲᠡᠨ᠂ ᠬᠢᠶᠠᠨ ᠶᠠᠰᠤᠲᠤ ᠮᠤᠩᠭᠤᠯ ᠠᠶᠢᠮᠠᠭ ᠤᠨ ᠪᠤᠷᠵᠢᠬᠢᠨ ᠤᠪᠤᠭᠲᠡᠨ᠃ ᠰᠡᠴᠡᠨ ᠬᠠᠭᠠᠨ ᠤ ᠳᠠᠶᠠ ᠬᠦᠪᠡᠭᠦᠨ ᠴᠢᠩᠬᠢᠮ ᠤᠨ ᠬᠤᠶᠠᠳᠤᠭᠠᠷ ᠬᠦᠪᠡᠭᠦᠨ ᠳᠠᠷᠮᠠᠪᠠᠯᠡ ᠶᠢᠨ ᠬᠤᠶᠠᠳᠤᠭᠠᠷ ᠬᠦᠪᠡᠭᠦᠨ ᠬᠦᠯᠦᠭ ᠬᠠᠭᠠᠨ ᠤ ᠤᠤᠭᠠᠨ ᠬᠦᠪᠡᠭᠦᠨ ᠬᠤᠲᠤᠭᠲᠤ ᠬᠠᠭᠠᠨ ᠬᠤᠱᠠᠯᠠ ᠶᠢᠨ ᠤᠤᠭᠠᠨ ᠬᠦᠪᠡᠭᠦᠨ ᠤᠬᠠᠭᠠᠨᠲᠤ ᠬᠠᠭᠠᠨ ᠲᠤᠭᠤᠨᠲᠡᠮᠦᠷ ᠤᠨ ᠠᠬᠠᠮᠡᠳ ᠬᠦᠪᠡᠭᠦᠨ ᠪᠢᠯᠢᠭᠲᠦ ᠬᠠᠭᠠᠨ ᠠᠶᠤᠤᠰᠢᠷᠢᠳᠠᠷ᠎ᠠ ᠶᠢᠨ ᠤᠳᠬᠤᠨ ᠬᠦᠪᠡᠭᠦᠨ ᠬᠠᠶᠢᠷᠴᠠᠭ ᠳᠦᠭᠦᠷᠡᠩ ᠲᠡᠮᠦᠷ ᠬᠤᠩ ᠳᠠᠶᠢᠵᠢ ᠶᠢᠨ ᠬᠦᠪᠡᠭᠦᠨ ᠠᠵᠠᠢ ᠲᠠᠶᠢᠵᠢ ᠶᠢᠨ ᠭᠤᠷᠪᠠᠳᠤᠭᠠᠷ ᠬᠦᠪᠡᠭᠦᠨ᠃ ᠲᠠᠶᠢᠰᠤᠩ ᠬᠠᠭᠠᠨ᠂ ᠠᠭᠪᠠᠷᠵᠢᠨ ᠬᠠᠭᠠᠨ ᠤ ᠳᠡᠭᠦᠦ᠂ ᠪᠤᠯᠬᠤ ᠵᠢᠨᠤᠩ ᠪᠠᠶᠠᠨ᠊ᠮᠦ᠋ᠩᠭᠡ ᠶᠢᠨ ᠠᠬ᠎ᠠ ᠪᠤᠯᠤᠨ᠎ᠠ᠃ ᠦᠭᠡᠭᠲᠤ ᠬᠠᠭᠠᠨ ᠮᠠᠬᠠᠭᠦ᠋ᠷᠬᠢᠰ᠂ ᠮᠤᠯᠤᠨ ᠬᠠᠭᠠᠨ ᠲᠡᠭᠦᠰᠮᠦ᠋ᠩᠭᠡ ᠶᠢᠨ ᠠᠪᠠᠭ᠎ᠠ ᠨᠢ ᠪᠤᠯᠤᠨ᠎ᠠ᠃ ᠨᠡᠷ᠎ᠡ ᠨᠢ ᠮᠠᠨᠳᠤᠭᠤᠯ᠂ ᠡᠷᠭᠦᠮᠵᠢ ᠠᠯᠳᠠᠷ ᠨᠢ ᠦᠭᠡᠭᠲᠤ ᠬᠠᠭᠠᠨ ᠪᠤᠶᠤ ᠮᠠᠨᠳᠤᠭᠤᠯ ᠬᠠᠭᠠᠨ᠃ 1472 ᠤᠨ ᠳᠤ ᠳᠡᠭᠦᠦ ᠪᠤᠯᠬᠤ ᠬᠠᠭᠠᠨ ᠪᠠᠶᠠᠨ᠊ᠮᠦ᠋ᠩᠭᠡ ᠨᠢ ᠬᠠᠭᠠᠨ ᠤᠷᠤ ᠪᠠᠨ ᠨᠠᠶᠢᠷ ᠲᠠᠯᠪᠢᠭᠰᠡᠨ ᠳᠤ ᠬᠠᠭᠠᠨ ᠤᠷᠤ ᠰᠠᠭᠤᠪᠠ᠃ ᠮᠠᠨᠳᠤᠭᠤᠯ ᠬᠠᠭᠠᠨ ᠳᠡᠭᠦᠦ ᠪᠠᠶᠠᠨ᠊ᠮᠦ᠋ᠩᠭᠡ ᠪᠠᠨ ᠵᠢᠨᠤᠩ ᠡᠷᠭᠦᠮᠵᠢᠯᠡᠵᠤ ᠪᠡᠭᠡᠷᠰᠡᠨ ᠢ ᠲᠠᠶᠢᠱᠢ ᠡᠷᠭᠦᠮᠵᠢᠯᠡᠪᠡ᠃ ᠬᠠᠭᠠᠨ ᠤᠷᠢᠶᠠᠩᠬᠠᠢ ᠶᠢᠨ ᠭᠤᠷᠪᠠᠨ ᠬᠠᠷᠠᠭᠤᠯ ᠢ ᠲᠤᠪᠲᠤᠯᠤᠨ ᠮᠢᠩ ᠤᠯᠤᠰ ᠲᠠᠢ ᠠᠷᠠᠯᠵᠢᠶ᠎ᠡ ᠮᠠᠶᠢᠮᠠᠢ ᠨᠡᠪᠲᠡᠷᠡᠯᠴᠡᠪᠡ᠃ ᠬᠠᠭᠠᠨ ᠪᠤᠯᠤᠨ ᠵᠢᠨᠤᠩ ᠤᠨ ᠬᠤᠭᠤᠷᠤᠨᠳᠤ ᠬᠤᠩᠬᠤᠯᠠᠢ ᠬᠠᠳᠬᠤᠨ ᠵᠠᠪᠰᠠᠷᠳᠠᠭᠤᠯᠤᠭᠰᠡᠨ ᠳᠤ ᠬᠠᠭᠠᠨ ᠦᠯᠦ ᠢᠲᠡᠭᠡᠨ ᠬᠤᠩᠬᠤᠯᠠᠢ ᠶᠢᠨ ᠬᠤᠩᠰᠢᠶᠠᠷ ᠢ ᠤᠭᠲᠤᠯᠵᠤ ᠠᠯᠠᠪᠠ᠃ 1476 ᠤᠨ ᠳᠤ ᠪᠠᠰᠡ ᠶᠦᠩᠰᠢᠶᠠᠪᠤ ᠶᠢᠨ ᠢᠰᠠᠮᠠᠨ ᠲᠠᠶᠢᠱᠢ ᠬᠠᠳᠬᠤᠨ ᠵᠠᠪᠰᠠᠷᠳᠠᠭᠤᠯᠤᠭᠰᠡᠨ ᠳᠤ ᠮᠠᠨᠳᠤᠭᠤᠯ ᠬᠠᠭᠠᠨ ᠰᠡᠵᠢᠭ ᠲᠦᠷᠦᠵᠤ ᠪᠤᠯᠬᠤ ᠵᠢᠨᠤᠩ ᠢ ᠪᠠᠷᠢᠪᠴᠢᠯᠠᠨ᠎ᠠ ᠭᠡᠰᠡᠨ ᠳᠤ ᠵᠢᠨᠤᠩ ᠰᠡᠷᠡᠵᠤ ᠮᠡᠳᠡᠵᠤ ᠲᠤᠲᠠᠭᠠᠵᠤ ᠭᠠᠷᠴᠠᠢ᠃ ᠮᠦᠨ ᠵᠢᠯ ᠮᠠᠨᠳᠤᠭᠤᠯ ᠬᠠᠭᠠᠨ ᠡᠪᠡᠳᠴᠢᠨ ᠢᠶᠠᠷ ᠲᠩᠷᠢ ᠪᠤᠯᠪᠠ᠃ ᠮᠠᠨᠳᠤᠭᠤᠯ ᠬᠠᠭᠠᠨ ᠳᠤ ᠶᠦᠩᠭᠡᠨ᠂ ᠮᠠᠨᠳᠤᠬᠠᠢ ᠭᠡᠬᠦ ᠬᠤᠶᠠᠷ ᠬᠠᠲᠤᠨ ᠲᠠᠢ᠃            ᠮᠠᠨᠳᠤᠭᠤᠯ ᠬᠠᠭᠠᠨ ᠤ ᠭᠤᠤᠯ ᠦᠢᠯᠡ ᠪᠠ ᠨᠦᠯᠦᠭᠡ᠄     ⒈ ᠬᠤᠪᠴᠢ ᠦᠭᠡᠨ ᠳᠤ ᠤᠷᠤᠵᠤ ᠲᠤᠲᠤᠭᠠᠲᠤ ᠶᠢᠨ ᠲᠡᠮᠡᠴᠡᠯ ᠢ ᠡᠳᠦᠵᠤ ᠲᠦᠷᠦ ᠶᠢᠨ ᠲᠤᠯᠭᠠᠭᠤᠷ ᠵᠢᠨᠤᠩ ᠢᠶᠠᠨ ᠠᠯᠳᠠᠵᠠᠢ᠃     ⒉ ᠮᠠᠨᠳᠤᠭᠤᠯ ᠬᠠᠭᠠᠨ ᠲᠠᠪᠤᠨ ᠵᠢᠯ ᠬᠠᠭᠠᠨ ᠰᠠᠭᠤᠵᠠᠢ᠃
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号