ᠡᠰᠡᠨ ᠬᠠᠭᠠᠨ ︵1407—1454︶
ᠨᠡᠶᠢᠲᠡᠯᠡᠭᠰᠡᠨ ᠴᠠᠭ᠄
2020/6/10
     ᠡᠰᠡᠨ ᠬᠠᠭᠠᠨ ︵1407—1454︶              ᠶᠡᠭᠡ ᠮᠤᠩᠭᠤᠯ ᠤᠯᠤᠰ ᠤᠨ ᠬᠤᠷᠢᠨ ᠶᠢᠰᠦᠳᠦᠭᠡᠷ ᠦᠶ᠎ᠡ ᠶᠢᠨ ᠶᠡᠭᠡ ᠬᠠᠭᠠᠨ᠂ ᠶᠤᠸᠠᠨ ᠤᠯᠤᠰ ᠤᠨ ᠬᠤᠷᠢᠨ ᠵᠢᠷᠭᠤᠳᠤᠭᠠᠷ ᠦᠶ᠎ᠡ ᠶᠢᠨ ᠶᠡᠭᠡ ᠬᠠᠭᠠᠨ᠂ ᠤᠮᠠᠷᠠᠲᠤ ᠶᠤᠸᠠᠨ ᠤᠯᠤᠰ ᠤᠨ ᠠᠷᠪᠠᠨ ᠲᠠᠪᠤᠳᠤᠭᠠᠷ ᠦᠶ᠎ᠡ ᠎ ᠶᠢᠨ ᠶᠡᠭᠡ ᠬᠠᠭᠠᠨ᠂ ᠮᠤᠩᠭᠤᠯ ᠦᠨᠳᠦᠰᠦᠲᠡᠨ᠂ ᠮᠤᠩᠭᠤᠯ ᠤᠨ ᠤᠶᠢᠷᠠᠳ ᠠᠶᠢᠮᠠᠭ ᠤᠨ ᠴᠤᠷᠤᠰ ᠤᠪᠤᠭᠲᠡᠨ᠃ ᠡᠪᠦᠭᠡ ᠮᠠᠬᠠᠮᠤ᠂ ᠡᠴᠢᠭᠡ ᠪᠠᠭ᠋ᠠᠮᠤ ᠨᠢ ᠤᠷᠢᠳ ᠬᠤᠵᠢᠳ ᠤᠶᠢᠷᠠᠳ ᠤᠨ ᠲᠦᠷᠦᠭᠦᠦ ᠪᠠᠶᠢᠵᠤ ᠲᠠᠶᠢᠱᠢ ᠵᠡᠷᠭᠡ ᠲᠠᠢ ᠪᠠᠶᠢᠵᠤ ᠮᠢᠩ ᠤᠯᠤᠰ ᠲᠤ ︽ᠰᠢᠳᠤᠷᠭᠤ ᠲᠦᠪᠰᠢᠨ ᠸᠠᠩ︾ ᠡᠷᠭᠦᠮᠵᠢᠯᠡᠭᠳᠡᠪᠡ᠃ ᠨᠡᠷ᠎ᠡ ᠡᠰᠡᠨ᠂ ᠡᠷᠭᠦᠮᠵᠢ ᠠᠯᠳᠠᠷ ᠎ ᠨᠢ ᠡᠰᠡᠨ ᠬᠠᠭᠠᠨ᠃ ᠡᠰᠡᠨ ᠵᠠᠯᠠᠭᠤ ᠨᠠᠰᠤᠨ ᠠᠴᠠ ᠪᠠᠨ ᠠᠪᠤᠭᠠᠳ ᠡᠷᠡᠯᠭᠡᠭ ᠪᠠᠭᠠᠲᠤᠷᠯᠢᠭ ᠤᠬᠠᠭᠠᠨ ᠰᠠᠮᠪᠠᠭ᠎ᠠ ᠎ ᠲᠠᠢ᠃ 1439 ᠤᠨ ᠳᠤ ᠡᠴᠢᠭᠡ ᠨᠢ ᠨᠦᠭᠴᠢᠭᠰᠡᠨ ᠳᠤ ᠡᠴᠢᠭᠡ ᠶᠢᠨ ᠢᠶᠠᠨ ᠲᠠᠶᠢᠱᠢ ᠵᠡᠷᠭᠡ ᠢ ᠵᠠᠯᠭᠠᠮᠵᠢᠯᠠᠵᠤ ᠮᠢᠩ ᠤᠯᠤᠰ ᠤᠨ ︽ᠰᠢᠳᠤᠷᠭᠤ ᠲᠦᠪᠰᠢᠨ ᠸᠠᠩ︾᠎ ᠤᠨ ᠴᠤᠯᠡ ᠶᠢ ᠬᠦᠯᠢᠶᠠᠨ ᠠᠪᠤᠪᠠ᠃ ᠲᠡᠷᠡ ᠪᠠᠷ ᠪᠢᠯᠢᠭᠲᠦ ᠬᠠᠭᠠᠨ ᠠᠶᠤᠤᠰᠢᠷᠢᠳᠠᠷ᠎ᠠ ᠶᠢᠨ ᠤᠳᠬᠤᠨ ᠬᠦᠪᠡᠭᠦᠨ ᠬᠠᠶᠢᠷᠴᠠᠭ ᠳᠦᠭᠦᠷᠡᠩ ᠲᠡᠮᠦᠷ ᠬᠤᠩ ᠳᠠᠶᠢᠵᠢ ᠶᠢᠨ ᠬᠦᠪᠡᠭᠦᠨ ᠠᠵᠠᠢ ᠲᠠᠶᠢᠵᠢ ᠶᠢᠨ ᠬᠤᠶᠠᠳᠤᠭᠠᠷ ᠬᠦᠪᠡᠭᠦᠨ ᠲᠤᠭᠲᠠᠬᠤ ᠶᠢ ᠪᠤᠬ᠎ᠠ ᠬᠠᠭᠠᠨ ᠡᠷᠭᠦᠮᠵᠢᠯᠡᠵᠠᠢ᠃ ᠦᠪᠡᠷ ᠎ ᠢᠶᠠᠨ ᠳᠤᠮᠳᠠᠲᠤ ᠪᠢᠴᠢᠭ ᠤᠨ ᠬᠦᠷᠢᠶᠡᠯᠡᠩ ᠤᠨ ᠪᠠᠷᠠᠭᠤᠨ ᠭᠠᠷ ᠤᠨ ᠲᠡᠷᠢᠭᠦᠨ ᠰᠠᠶᠢᠳ᠂ ᠴᠡᠷᠢᠭ ᠤᠨ ᠶᠠᠪᠤᠳᠠᠯ ᠤᠨ ᠬᠦᠷᠢᠶᠡᠯᠡᠩ ᠤᠨ ᠶᠡᠷᠦᠩᠭᠡᠢ ᠵᠠᠬᠢᠷᠤᠭᠴᠢ ᠤᠨ ᠲᠤᠰᠢᠶᠠᠯ ᠢ ᠬᠠᠷᠢᠭᠤᠴᠠᠵᠤ ᠶᠡᠭᠡ ᠡᠷᠭᠡ ᠶᠢ ᠠᠳᠬᠤᠨ ᠬᠠᠭᠠᠨ ᠢ ᠨᠢᠳᠦᠨ ᠳᠤ ᠪᠠᠨ ᠬᠠᠪᠴᠢᠳᠠᠭ ᠦᠭᠡᠢ ᠪᠠᠶᠢᠯ᠎ᠠ᠃ ᠳᠤᠮᠳᠠᠲᠤ ᠠᠽᠢᠶ᠎ᠡ ᠶᠢᠨ ᠴᠠᠭᠠᠲᠠᠢ ᠶᠢᠨ ᠬᠤᠶᠢᠴᠢᠰ ᠲᠠᠢ ᠤᠯᠠᠨᠲᠡ ᠪᠠᠶᠢᠯᠳᠤᠵᠤ ᠬᠦᠴᠦᠨ ᠢᠶᠠᠨ ᠢᠰᠰᠸᠢᠢᠺ᠂ ᠺᠦᠯ ᠨᠠᠭᠤᠷ᠂ ᠪᠠᠯᠬᠠᠱ ᠨᠠᠭᠤᠷ ᠬᠦᠷᠲᠡᠯ᠎ᠡ ᠦᠷᠭᠡᠳᠭᠡᠪᠡ᠃ ᠵᠡᠭᠦᠨᠰᠢ ᠰᠤᠯᠤᠩᠭᠤᠰ ᠢ ᠬᠦᠷᠲᠡᠯ᠎ᠡ ᠠᠯᠪᠠᠳᠠᠨ ᠳᠠᠭᠠᠭᠤᠯᠪᠠ᠃ ᠪᠠᠷᠠᠭᠤᠨᠰᠢ ᠬᠠᠮᠢᠯ ᠢ ᠤᠤᠯᠭᠠᠯᠠᠵᠤ ᠭᠠᠨᠰᠤ ᠰᠠᠯᠪᠤᠷᠢ ᠮᠤᠵᠢ ᠶᠢ ᠪᠠᠶᠢᠭᠤᠯᠪᠠ᠃ ᠢᠩᠬᠢᠭᠡᠳ ᠤᠮᠠᠷᠠᠲᠤ ᠶᠢᠨ ᠦᠷᠭᠡᠨ ᠠᠭᠤᠳᠠᠮ ᠨᠤᠲᠤᠭ ᠢ ᠡᠵᠡᠯᠡᠵᠤ ᠪᠦᠬᠦ ᠮᠤᠩᠭᠤᠯ ᠤᠨ ᠪᠤᠲᠠᠲᠠᠢ ᠨᠤᠶᠠᠷᠬᠠᠬᠤ ᠡᠷᠭᠡ ᠶᠢ ᠠᠳᠬᠤᠵᠤ ᠪᠤᠬ᠎ᠠ ᠬᠠᠭᠠᠨ ᠢ ᠨᠡᠷ᠎ᠡ ᠲᠡᠳᠦᠢ ᠪᠤᠯᠭᠠᠨ ︽ᠶᠡᠭᠡ ᠶᠤᠸᠠᠨ ᠤ ᠨᠢᠭᠡᠳᠦᠭᠰᠡᠨ ᠲᠦᠷᠦ ᠶᠢ ᠰᠡᠷᠭᠦᠭᠡᠨ᠎ᠡ︾ ᠭᠡᠵᠤ ᠤᠷᠤᠯᠳᠤᠵᠤ ᠪᠠᠶᠢᠯ᠎ᠠ᠃ ᠡᠰᠡᠨ ᠮᠢᠩ ᠤᠯᠤᠰ ᠲᠠᠢ ᠠᠷᠠᠯᠵᠢᠶ᠎ᠡ ᠦᠷᠭᠡᠨ ᠨᠡᠪᠲᠡᠷᠡᠯᠴᠡᠭᠦᠯᠪᠡ᠃ ᠮᠢᠩ ᠤᠯᠤᠰ ᠳᠡᠰᠴᠤ ᠶᠠᠳᠠᠬᠤ ᠳᠤ ᠪᠠᠨ ᠠᠷᠠᠯᠵᠢᠶ᠎ᠡ ᠬᠢᠬᠦ ᠶᠢ ᠴᠢᠩᠭ᠎ᠠ ᠬᠢᠵᠠᠭᠠᠷᠯᠠᠭᠰᠡᠨ ᠳᠤ 1149 ᠤᠨ ᠳᠤ ᠮᠢᠩ ᠤᠯᠤᠰ ᠲᠤ ᠳᠦᠷᠪᠡᠨ ᠵᠠᠮ ᠤᠨ ᠴᠡᠷᠢᠭ ᠤᠷᠤᠭᠤᠯᠵᠠᠢ᠃ ᠦᠪᠡᠷ ᠎ ᠢᠶᠠᠨ ᠨᠢᠭᠡ ᠵᠠᠮ ᠤᠨ ᠴᠡᠷᠢᠭ ᠢ ᠵᠠᠬᠢᠷᠴᠤ᠂ ᠲᠦᠮᠦᠪᠤᠤ ᠭᠡᠳᠡᠭ ᠭᠠᠵᠠᠷ ᠮᠢᠩ ᠤᠯᠤᠰ ᠤᠨ ᠿᠦᠢ ᠳ᠋ᠢ ᠬᠠᠭᠠᠨ ᠢ ᠤᠯᠵᠠᠯᠠᠪᠠ᠃ ᠳᠠᠷᠠᠭ᠎ᠠ ᠵᠢᠯ ᠨᠢ ᠿᠦᠢ ᠳ᠋ᠢ ᠬᠠᠭᠠᠨ ᠢ ᠪᠤᠴᠠᠭᠠᠵᠤ ᠠᠷᠠᠯᠵᠢᠶᠠᠨ ᠤ ᠬᠠᠷᠢᠴᠠᠭ᠎ᠠ ᠪᠠᠨ ᠰᠡᠷᠭᠦᠭᠡᠪᠡ᠃ ᠮᠢᠩ ᠤᠯᠤᠰ ᠯᠤᠭ᠎ᠠ ᠶᠢᠨ ᠬᠠᠷᠢᠴᠠᠭᠠᠨ ᠳᠡᠭᠡᠷ᠎ᠡ ᠪᠤᠬ᠎ᠠ ᠬᠠᠭᠠᠨ ᠯᠤᠭ᠎ᠠ ᠰᠡᠵᠢᠭᠯᠡᠯᠴᠡᠵᠤ ᠬᠤᠶᠠᠷ ᠲᠠᠯ᠎ᠠ ᠪᠠᠷ ᠢᠶᠠᠨ ᠳᠠᠶᠢᠯᠠᠯᠳᠤᠨ ᠡᠬᠢᠯᠡᠵᠠᠢ᠃ ᠡᠬᠢᠨ ᠳᠤ ᠪᠠᠨ ᠪᠤᠬ᠎ᠠ ᠬᠠᠭᠠᠨ ᠳᠡᠶᠢᠯᠵᠤ ᠪᠠᠶᠢᠭᠰᠡᠨ ᠪᠤᠯᠪᠠᠴᠤ ᠰᠡᠭᠦᠯ ᠳᠤ ᠨᠢ ᠬᠠᠭᠠᠨ ᠎ ᠤ ᠳᠡᠭᠦᠦ ᠠᠭᠪᠠᠷᠵᠢᠨ ᠵᠢᠨᠤᠩ ᠢ ᠲᠠᠲᠠᠵᠤ ᠬᠤᠭᠤᠷᠤᠨᠳᠤ ᠨᠢ ᠵᠠᠪᠰᠠᠷᠳᠠᠭᠤᠯᠤᠨ ᠵᠢᠨᠤᠩ ᠲᠠᠢ ᠬᠤᠯᠪᠤᠭᠠᠯᠠᠨ ᠲᠠᠶᠢᠰᠤᠩ ᠬᠠᠭᠠᠨ ᠤ ᠲᠦᠷᠦ ᠶᠢ ᠨᠢ ᠳᠠᠶᠢᠪᠢᠭᠤᠯᠵᠤ ᠵᠢᠭᠤᠳᠠᠭᠤᠯᠵᠠᠢ᠃ 1452 ᠤᠨ ᠳᠤ ᠡᠰᠡᠨ ᠤᠷᠢᠳ ᠢᠶᠠᠷ ᠵᠢᠨᠤᠩ ᠢ ᠬᠠᠭᠠᠨ ᠡᠷᠭᠦᠮᠵᠢᠯᠡᠵᠤ ᠨᠠᠶᠢᠷ ᠬᠢᠬᠦ ᠨᠡᠷ᠎ᠡ ᠪᠠᠷ ᠵᠠᠯᠠᠵᠤ ᠠᠪᠴᠢᠷᠠᠨ ᠬᠠᠭᠠᠨ ᠢ ᠲᠦᠰᠢᠮᠡᠯ ᠲᠠᠢ ᠨᠢ ᠬᠦᠢᠰᠦ ᠲᠡᠮᠲᠡᠷᠢᠵᠡᠢ᠃ 1453 ᠤᠨ ᠳᠤ ᠡᠰᠡᠨ ᠦᠪᠡᠷ ᠢ ᠪᠠᠨ ᠬᠠᠭᠠᠨ ᠡᠷᠭᠦᠮᠵᠢᠯᠡᠵᠠᠢ᠃ ᠡᠷᠭᠦᠮᠵᠢ ᠠᠯᠳᠠᠷ ᠢᠶᠠᠨ ᠶᠡᠭᠡ ᠶᠤᠸᠠᠨ ᠤ ᠲᠩᠷᠢᠯᠢᠭ ᠪᠤᠭᠲᠡ ᠶᠡᠭᠡ ᠬᠠᠭᠠᠨ ᠭᠡᠵᠤ᠂ ᠤᠨ ᠤ ᠴᠤᠯᠡ ᠪᠠᠨ ᠲᠩᠷᠢ ᠤᠨ ᠴᠡᠭᠡᠯ ᠭᠡᠵᠡᠢ᠃ ᠮᠢᠩ ᠤᠯᠤᠰ ᠲᠡᠭᠦᠨ ᠢ ᠤᠶᠢᠷᠠᠳ ᠤᠨ ᠬᠠᠭᠠᠨ ᠭᠡᠳᠡᠭ᠃ 1354 ᠤᠨ ᠳᠤ ᠲᠡᠷᠢᠭᠦᠨ ᠰᠠᠶᠢᠳ ᠠᠯᠠᠭ ᠦᠪᠡᠷ ᠢ ᠪᠠᠨ ᠲᠠᠶᠢᠱᠢ ᠡᠷᠭᠦᠮᠵᠢᠯᠡᠭᠦᠯᠦᠨ᠎ᠡ ᠭᠡᠵᠤ ᠭᠤᠶᠤᠭᠰᠡᠨ ᠳᠤ ᠡᠰᠡᠨ ᠡᠰᠡ ᠵᠦᠪᠰᠢᠶᠡᠷᠡᠭᠡᠳ ᠠᠯᠠᠭ ᠲᠤ ᠬᠤᠷᠤᠭᠠᠭᠳᠠᠪᠠ᠃     ᠡᠰᠡᠨ ᠬᠠᠭᠠᠨ ᠤ ᠭᠤᠤᠯ ᠦᠢᠯᠡ ᠪᠠ ᠨᠦᠯᠦᠭᠡ᠄          ⒈ ᠬᠠᠭᠠᠨ ᠤᠷᠤ ᠳᠦᠷᠪᠡᠳᠡᠬᠢ ᠤᠳᠠᠭ᠎ᠠ ᠰᠡᠴᠡᠨ ᠬᠠᠭᠠᠨ ᠤ ᠪᠤᠰᠤ ᠤᠳᠤᠮ ᠤᠨ ᠬᠢᠨ ᠳᠤ ᠰᠢᠯᠵᠢᠵᠡᠢ᠃      ⒉ ᠡᠰᠡᠨ ᠪᠠᠭᠠᠲᠤᠷ ᠵᠤᠷᠢᠭ ᠰᠡᠴᠡᠨ ᠤᠢ ᠪᠢᠯᠢᠭ ᠲᠤ ᠪᠠᠨ ᠲᠦᠰᠢᠭᠯᠡᠵᠤ ᠵᠡᠪᠰᠡᠭᠲᠤ ᠬᠦᠴᠦᠨ ᠢᠶᠠᠷ ᠤᠯᠠᠨ ᠵᠢᠯ ᠪᠤᠲᠠᠷᠠᠭᠰᠡᠨ ᠮᠤᠩᠭᠤᠯ ᠤᠷᠤᠨ ᠢ ᠨᠢᠭᠡᠳᠭᠡᠵᠤ ᠬᠠᠭᠠᠨ ᠰᠠᠭᠤᠭᠰᠡᠨ ᠪᠤᠯᠪᠠᠴᠤ ᠤᠯᠤᠰ ᠲᠦᠷᠦ ᠪᠠᠨ ᠴᠡᠭᠴᠡᠯᠡᠵᠤ ᠠᠵᠤ ᠠᠬᠤᠢ ᠪᠠᠨ ᠬᠦᠭᠵᠢᠭᠦᠯᠬᠦ ᠶᠢ ᠤᠮᠲᠤᠭᠠᠶᠢᠯᠠᠭᠰᠡᠨ ᠳᠡᠭᠡᠷ᠎ᠡ ︽ᠠᠯᠲᠡᠨ ᠤᠷᠤᠭᠲᠠᠨ ᠤ ᠦᠷᠡᠰ︾ ᠪᠢᠰᠢ ᠪᠠᠶᠢᠭᠰᠡᠨ ᠪᠤᠯᠬᠤᠷ ᠪᠠᠲᠤ ᠰᠠᠭᠤᠷᠢ ᠦᠬᠡᠢ ᠪᠠᠶᠢᠵᠤ ᠤᠳᠠᠯ ᠦᠭᠡᠢ ᠬᠤᠷᠤᠭᠠᠭᠳᠠᠪᠠ᠃              ⒊ ᠮᠢᠩ ᠤᠯᠤᠰ ᠲᠤ ᠴᠡᠷᠢᠭᠯᠡᠵᠤ ᠿᠦᠢ ᠳ᠋ᠢ ᠬᠠᠭᠠᠨ ᠢ ᠤᠯᠵᠠᠯᠠᠨ ᠪᠠᠷᠢᠴᠠᠭᠠᠯᠠᠵᠤ ᠮᠢᠩ ᠤᠯᠤᠰ ᠪᠤᠯᠤᠨ ᠶᠤᠸᠠᠨ ᠤᠯᠤᠰ ᠤᠨ ᠬᠦᠴᠦᠨ ᠤ ᠬᠠᠷᠢᠴᠠᠯ ᠢ ᠲᠡᠩᠴᠡᠭᠦᠷᠢᠰᠢᠭᠦᠯᠵᠤ ᠬᠡᠯᠡᠯᠴᠡᠭᠡᠷ ᠬᠢᠵᠤ ᠶᠤᠸᠠᠨ ᠤᠯᠤᠰ ᠪᠤᠯᠤᠨ ᠮᠢᠩ ᠤᠯᠤᠰ ᠤᠨ ᠬᠤᠭᠤᠷᠤᠨᠳᠤᠬᠢ ᠠᠷᠠᠯᠵᠢᠶᠠᠨ ᠤ ᠬᠠᠷᠢᠴᠠᠭ᠎ᠠ ᠪᠠᠨ ᠰᠡᠷᠭᠦᠭᠡᠨ ᠪᠠᠲᠤᠯᠠᠵᠠᠢ᠃        ⒋ ᠬᠦᠴᠦᠨ ᠢᠶᠠᠨ ᠪᠠᠷᠠᠭᠤᠨᠰᠢ ᠪᠠᠯᠬᠠᠱ ᠨᠠᠭᠤᠷ ᠬᠦᠷᠲᠡᠯ᠎ᠡ ᠦᠷᠭᠡᠳᠭᠡᠵᠤ ᠵᠡᠭᠦᠨᠰᠢ ᠰᠤᠯᠤᠩᠭᠤᠰ ᠢ ᠠᠯᠪᠠᠳᠠᠨ ᠳᠠᠭᠠᠭᠤᠯᠵᠤ ᠡᠮᠦᠨᠠᠰᠢ ᠭᠠᠨᠰᠤ ᠰᠠᠯᠪᠤᠷᠢ ᠮᠤᠵᠢ ᠶᠢ ᠪᠠᠶᠢᠭᠤᠯᠵᠤ ᠨᠤᠲᠤᠭ ᠳᠡᠪᠢᠰᠭᠡᠷ ᠢᠶᠠᠨ ᠦᠷᠭᠡᠳᠭᠡᠪᠡ ᠃  
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号