ᠡᠰᠡᠬᠦ ᠬᠠᠭᠠᠨ ︵1387-1425︶
ᠨᠡᠶᠢᠲᠡᠯᠡᠭᠰᠡᠨ ᠴᠠᠭ᠄
2020/2/14
     ᠡᠰᠡᠬᠦ ᠬᠠᠭᠠᠨ ︵1387-1425︶      ᠶᠡᠭᠡ ᠮᠣᠩᠭᠤᠯ ᠣᠯᠣᠰ ᠤᠨ ᠬᠤᠷᠢᠨ ᠲᠠᠪᠤᠳᠤᠭᠠᠷ ᠦᠶ᠎ᠡ ᠶᠡᠭᠡ ᠬᠠᠭᠠᠨ᠂ ᠶᠤᠸᠠᠨ ᠤᠯᠤᠰ ᠤᠨ ᠬᠤᠷᠢᠨ ᠬᠤᠶᠠᠳᠤᠭᠠᠷ ᠦᠶ᠎ᠡ ᠶᠢᠨ ᠶᠡᠭᠡ ᠬᠠᠭᠠᠨ᠂ ᠣᠮᠠᠷᠠᠳᠤ ᠶᠤᠸᠠᠨ ᠤᠯᠤᠰ ᠤᠨ ᠠᠷᠪᠡᠨ ᠨᠢᠭᠡᠳᠤᠭᠡᠷ ᠦᠶ᠎ᠡ ᠶᠢᠨ ᠶᠡᠭᠡ ᠬᠠᠭᠠᠨ᠂ ᠮᠣᠩᠭᠤᠯ ᠦᠨᠳᠤᠰᠤᠳᠡᠨ᠂ ᠲᠡᠤᠬᠡᠴᠢᠳ ᠤᠨ ᠵᠠᠷᠢᠮ ᠨᠢ ᠲᠡᠭᠦᠨ ᠢ ᠠᠷᠢᠭᠪᠤᠬ᠎ᠠ ᠶᠢᠨ ᠬᠤᠶᠢᠴᠢᠰ ᠭᠡᠳᠡᠭ᠂ ᠵᠠᠷᠢᠮ ᠨᠢ ᠮᠥᠩᠬᠡ ᠲᠡᠮᠤᠷ ᠬᠠᠭᠠᠨ ᠥᠭᠡᠴᠢ ᠬᠠᠰᠢᠭ᠎ᠠ ᠶᠢᠨ ᠬᠦᠪᠡᠭᠦᠨ ᠭᠡᠳᠡᠭ᠃ ᠴᠡᠭᠡᠷᠯᠡᠬᠦᠢ ᠨᠡᠷ᠎ᠡ ᠨᠢ ᠥᠢᠷᠠᠲᠡᠢ ᠂ ᠡᠷᠭᠦᠮᠵᠢ ᠠᠯᠳᠠᠷ ᠡᠰᠡᠬᠦ ᠬᠠᠭᠠᠨ ᠪᠤᠶᠤ ᠲᠡᠶᠢᠪᠤᠩ ᠬᠠᠭᠠᠨ᠃ ᠡᠰᠡᠬᠦ ᠭᠡᠳᠡᠭ ᠨᠢ ᠲᠡᠶᠢᠪᠤᠩ ᠭᠡᠬᠦ ᠤᠳᠬ᠎ᠠ ᠲᠠᠢ ᠦᠭᠡ᠃ ᠡᠶᠢᠮᠤ ᠠᠴᠠ ᠵᠠᠷᠢᠮ ᠲᠡᠤᠬᠡᠴᠢᠳ ᠲᠡᠭᠦᠨ ᠢ ᠮᠢᠩ ᠤᠯᠤᠰ ᠲᠤ ᠡᠷᠭᠦᠮᠵᠢᠯᠡᠭᠳᠡᠭᠰᠡᠨ ᠰᠢᠳᠤᠷᠭᠤ ᠵᠢᠷᠤᠮᠳᠤ ᠸᠠᠩ ᠲᠡᠶᠢᠪᠤᠩ ᠮᠦᠨ ᠭᠡᠵᠤ ᠦᠵᠡᠳᠡᠭ᠃1415 ᠣᠨ ᠳᠤ ᠲᠡᠯᠪᠡᠭ ᠬᠠᠭᠠᠨ᠂ ᠪᠠᠳᠤᠯᠠ ᠲᠡᠶᠢᠱᠢ ᠮᠢᠩ ᠤᠯᠤᠰ ᠤᠨ ᠸᠧᠨ ᠳ᠋ᠠᠢ ᠬᠠᠭᠠᠨ ᠵᠤ᠋ ᠳ᠋ᠠᠢ ᠪᠤᠯᠤᠨ ᠵᠡᠭᠦᠨ ᠬᠡᠰᠡᠭ ᠤᠨ ᠮᠣᠩᠭᠤᠯ ᠤᠨ ᠲᠦᠷᠤᠭᠦᠤ ᠠᠷᠤᠭᠲᠡᠢ ᠶᠢᠨ ᠲᠠᠪᠬᠤᠷ ᠴᠤᠬᠢᠯᠳᠠ ᠳᠤ ᠣᠴᠠᠷᠠᠵᠤ ᠢᠯᠠᠭᠳᠠᠨ ᠨᠥᠭᠴᠢᠭᠰᠡᠨ ᠤ ᠳᠠᠷᠠᠭ᠎ᠠ ᠪᠠᠳᠤᠯᠠ ᠶᠢᠨ ᠬᠦᠪᠡᠭᠦᠨ ᠲᠤᠬᠤᠨ ᠡᠷᠭᠡ ᠮᠡᠳᠡᠵᠤ ᠲᠡᠭᠦᠨ ᠢ ᠬᠠᠭᠠᠨ ᠡᠷᠭᠦᠮᠵᠢᠯᠡᠪᠡ᠃ ᠥᠯᠵᠡᠶᠢᠳᠤ ᠭᠤᠸ᠎ᠠ ᠪᠠᠶᠢᠵᠡᠢ᠂ ᠠᠵᠡᠢ ᠲᠡᠶᠢᠵᠢ ᠡᠬᠡ ᠬᠦᠪᠡᠭᠦᠨ ᠬᠤᠶᠠᠷ ᠢ ᠣᠷᠳᠤᠨ ᠳᠤ ᠪᠠᠨ ᠵᠠᠷᠤᠴᠠᠯᠠᠵᠤ ᠪᠠᠶᠢᠪᠠ᠃      ᠡᠰᠡᠬᠦ ᠬᠠᠭᠠᠨ ᠤ ᠭᠤᠤᠯ ᠥᠢᠯᠠ ᠪᠠ ᠨᠦᠯᠤᠭᠡ᠄      ⒈ ᠮᠣᠩᠭᠤᠯ ᠬᠠᠭᠠᠨ ᠤ ᠣᠷᠤ ᠭᠤᠷᠪᠡᠳᠡᠬᠢ ᠣᠳᠠᠭ᠎ᠠ ᠰᠡᠴᠡᠨ ᠬᠠᠭᠠᠨ ᠤ ᠪᠤᠰᠤ ᠣᠳᠣᠮ ᠤᠨ ᠬᠢᠨ ᠳᠤ ᠰᠢᠯᠵᠢᠪᠡ᠃      ⒉ ᠥᠢᠷᠠᠳ ᠤᠭᠰᠠᠭᠠᠨ ᠤ ᠮᠠᠨᠠᠭᠤᠯ ᠬᠠᠭᠠᠨ᠃
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号