ᠲᠠᠯᠪᠡᠭ ᠬᠠᠭᠠᠨ ︵1395-1415︶
ᠨᠡᠶᠢᠲᠡᠯᠡᠭᠰᠡᠨ ᠴᠠᠭ᠄
2020/1/15
     ᠲᠠᠯᠪᠡᠭ ᠬᠠᠭᠠᠨ ︵1395-1415︶      ᠶᠡᠭᠡ ᠮᠣᠩᠭᠤᠯ ᠤᠯᠤᠰ ᠤᠨ ᠬᠤᠷᠢᠨ ᠲᠠᠪᠤᠳᠤᠭᠠᠷ ᠦᠶ᠎ᠡ ᠶᠢᠨ ᠶᠡᠭᠡ ᠬᠠᠭᠠᠨ᠂ ᠶᠤᠸᠠᠨ ᠤᠯᠤᠰ ᠤᠨ ᠬᠤᠷᠢᠨ ᠨᠢᠭᠡᠳᠤᠭᠡᠷ ᠦᠶ᠎ᠡ ᠶᠢᠨ ᠶᠡᠭᠡ ᠬᠠᠭᠠᠨ᠂ ᠣᠮᠠᠷᠠᠳᠤ ᠶᠤᠸᠠᠨ ᠤᠯᠤᠰ ᠤᠨ ᠠᠷᠪᠠᠳᠤᠭᠠᠷ ᠦᠶ᠎ᠡ ᠶᠢᠨ ᠶᠡᠭᠡ ᠬᠠᠭᠠᠨ᠂ ᠮᠤᠩᠭᠤᠯ ᠦᠨᠳᠤᠰᠤᠳᠡᠨ᠂ ᠬᠢᠶᠠᠨ ᠶᠠᠰᠤᠳᠤ ᠮᠣᠩᠭᠤᠯ ᠠᠶᠢᠮᠠᠭ ᠤᠨ ᠪᠤᠷᠵᠢᠭᠢᠨ ᠣᠪᠣᠭᠳᠠᠨ᠃ ᠰᠠᠴᠡᠨ ᠬᠠᠭᠠᠨ ᠤ ᠲᠠᠶᠠ ᠬᠦᠪᠡᠭᠦᠨ ᠴᠢᠩᠬᠢᠮ ᠤᠨ ᠬᠤᠶᠠᠳᠤᠭᠠᠷ ᠬᠦᠪᠡᠭᠦᠨ ᠲᠠᠷᠮᠠᠪᠠᠯᠠ ᠶᠢᠨ ᠬᠤᠶᠠᠳᠤᠭᠠᠷ ᠬᠦᠪᠡᠭᠦᠨ ᠭᠦᠯᠤᠭ᠌ ᠬᠠᠭᠠᠨ ᠤ ᠤᠤᠭᠠᠨ ᠬᠦᠪᠡᠭᠦᠨ ᠬᠤᠳᠤᠭᠳᠤ ᠬᠠᠭᠠᠨ ᠬᠤᠱᠠᠯᠠ ᠶᠢᠨ ᠤᠤᠭᠠᠨ ᠬᠦᠪᠡᠭᠦᠨ ᠤᠬᠠᠭᠠᠨᠳᠤ ᠬᠠᠭᠠᠨ ᠲᠤᠭᠤᠨᠳᠠᠮᠤᠷ ᠤᠨ ᠠᠬᠠᠮᠡᠳ ᠬᠦᠪᠡᠭᠦᠨ ᠪᠢᠯᠢᠭᠳᠦ ᠬᠠᠭᠠᠨ ᠠᠶᠤᠤᠰᠢᠷᠢᠳᠠᠷ᠎ᠠ ᠶᠢᠨ ᠬᠦᠪᠡᠭᠦᠨ ᠡᠯᠪᠡᠭ ᠬᠠᠭᠠᠨ ᠮᠡᠶᠢᠳᠠᠷᠪᠠᠯᠠ ᠶᠢᠨ ᠲᠦᠷᠪᠡᠳᠤᠭᠡᠷ ᠬᠦᠪᠡᠭᠦᠨ᠃ ᠨᠡᠷ᠎ᠡ ᠨᠢ ᠲᠡᠯᠪᠡᠭ᠂ ᠡᠷᠭᠦᠮᠵᠢ ᠠᠯᠳᠠᠷ ᠨᠢ ᠲᠡᠯᠪᠡᠭ ᠬᠠᠭᠠᠨ᠃ ᠭᠦᠨ ᠲᠠᠮᠤᠷ ᠬᠠᠭᠠᠨ᠂ ᠥᠯᠵᠡᠢ ᠲᠡᠮᠤᠷ ᠬᠠᠭᠠᠨ ᠤ ᠲᠡᠭᠦᠤ᠃1412 ᠣᠨ ᠳᠤ ᠥᠢᠷᠠᠳ ᠤᠨ ᠲᠦᠷᠦᠭᠦᠦ ᠪᠠᠳᠤᠯᠠ ︽ᠪᠠᠰᠠ ᠮᠠᠬᠠᠮᠤ ᠭᠡᠳᠡᠭ︾ ᠡᠴᠢᠭᠡ ᠥᠯᠵᠡᠢ ᠲᠡᠮᠤᠷ ᠬᠠᠭᠠᠨ ᠢ ᠨᠢ ᠬᠤᠷᠤᠭᠠᠵᠤ ᠮᠢᠩ ᠤᠯᠤᠰ ᠲᠤ ᠪᠠᠭᠤᠵᠤ ᠥᠩᠭᠦᠭᠰᠡᠨ ᠤ ᠳᠠᠷᠠᠭ᠎ᠠ ᠮᠣᠩᠭᠤᠯ ᠣᠷᠤᠨ ᠳᠤ1415 ᠣᠨ ᠪᠤᠯᠳᠠᠯ᠎ᠠ ᠬᠠᠭᠠᠨ ᠤᠷᠦ ᠬᠤᠭᠤᠰᠤᠷᠠᠪᠠ᠃1415 ᠣᠨ ᠳᠤ ᠪᠠᠳᠤᠯᠠ ᠮᠣᠩᠭᠤᠯ ᠤᠨ ᠲᠦᠷᠤ ᠶᠢᠨ ᠬᠡᠷᠡᠭ ᠲᠤ ᠭᠠᠷ ᠲᠦᠷᠤᠵᠤ ᠲᠡᠯᠪᠡᠭ ᠶᠢ ᠬᠠᠭᠠᠨ ᠡᠷᠭᠦᠮᠵᠢᠯᠡᠵᠤ ᠥᠪᠡᠷ ᠢ ᠪᠠᠨ ᠲᠡᠶᠢᠱᠢ ᠡᠷᠭᠦᠮᠵᠢᠯᠡᠵᠤ ᠮᠢᠩ ᠣᠯᠣᠰ ᠠᠴᠠ ᠬᠠᠭᠠᠴᠠᠪᠠ᠃ ᠮᠢᠩ ᠣᠯᠣᠰ ᠤᠨ ᠸᠧᠨ ᠳ᠋ᠠᠢ ᠬᠠᠭᠠᠨ ᠬᠤᠶᠠᠳᠤᠭᠠᠷ ᠣᠳᠠᠭ᠎ᠠ ᠪᠡᠶ᠎ᠡ ᠪᠠᠷ ᠴᠡᠷᠢᠭ ᠲᠡᠶᠢᠴᠢᠯᠠᠵᠤ ᠣᠮᠠᠷᠠᠰᠢ ᠲᠡᠶᠢᠯᠠᠭᠰᠠᠨ ᠳᠤ ᠲᠡᠯᠪᠡᠭ ᠬᠠᠭᠠᠨ ᠲᠡᠶᠢᠯᠤᠭ᠍ᠳᠡᠪᠡ᠃ ᠮᠢᠩ ᠤᠨ ᠴᠡᠷᠢᠭ ᠤᠬᠤᠷᠢᠭᠰᠠᠨ ᠤ ᠳᠠᠷᠠᠭ᠎ᠠ ᠠᠷᠤᠭᠲᠡᠢ ᠥᠢᠷᠠᠳ ᠢ ᠲᠡᠶᠢᠯᠠᠵᠤ ᠲᠡᠯᠪᠡᠭ ᠬᠠᠭᠠᠨ᠂ ᠪᠠᠳᠤᠯᠠ ᠲᠡᠶᠢᠱᠢ ᠪᠠᠶᠢᠯᠳᠤᠵᠤ ᠪᠠᠶᠢᠭᠠᠳ ᠣᠷᠢᠳ ᠬᠤᠵᠢᠳ ᠨᠥᠭᠴᠢᠪᠡ᠃ ᠪᠠᠳᠤᠯᠠ ᠶᠢᠨ ᠬᠦᠪᠡᠭᠦᠨ ᠲᠤᠬᠤᠨ ᠲᠦᠷᠤ ᠶᠢᠨ ᠡᠷᠭᠡ ᠮᠡᠳᠡᠪᠡ᠃      ᠳᠠᠯᠪᠡᠭ ᠬᠠᠭᠠᠨ ᠤ ᠭᠤᠤᠯ ᠥᠢᠯᠠ ᠪᠠ ᠨᠦᠯᠤᠭᠡ᠄      ⒈ ᠮᠣᠩᠭᠤᠯ ᠤᠷᠤᠨ ᠳᠤ ᠲᠦᠷᠪᠡᠨ ᠵᠢᠯ ᠬᠤᠭᠤᠰᠤᠷᠠᠭᠰᠠᠨ ᠬᠠᠭᠠᠨ ᠣᠷᠤ ᠮᠠᠨᠠᠭᠤᠯ ᠬᠠᠭᠠᠨ ᠤ ᠬᠡᠯᠪᠡᠷᠢ ᠪᠠᠷ ᠨᠦᠭᠦᠭᠳᠡᠵᠡᠢ᠃      ⒉ ᠲᠤᠳᠤᠭᠠᠳᠤ ᠭᠠᠳᠠᠭᠠᠳᠤ ᠶᠢᠨ ᠬᠢᠮᠤᠷᠠᠯ ᠲᠤᠤᠷ᠎ᠠ ᠨᠢᠭᠡ ᠯᠠ ᠵᠢᠯ ᠬᠠᠭᠠᠨ ᠰᠠᠭᠤᠭᠠᠳ ᠨᠦᠭᠴᠢᠪᠡ᠃
 
ᠢᠷᠡᠯᠲᠡ᠄ ᠬᠤᠯᠪᠤᠭ᠎ᠠ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号