ᠠᠭᠪᠠᠷᠵᠢᠨ ᠬᠠᠭᠠᠨ ︵1423-1452︶
ᠨᠡᠶᠢᠲᠡᠯᠡᠭᠰᠡᠨ ᠴᠠᠭ᠄
2020/5/13
     ᠠᠭᠪᠠᠷᠵᠢᠨ ᠬᠠᠭᠠᠨ ︵1423-1452︶      ᠶᠡᠭᠡ ᠮᠣᠩᠭᠤᠯ ᠤᠯᠤᠰ ᠤᠨ ᠬᠤᠷᠢᠨ ᠨᠠᠢᠮᠠᠳᠤᠭᠠᠷ ᠦᠶ᠎ᠡ ᠶᠢᠨ ᠶᠡᠭᠡ ᠬᠠᠭᠠᠨ᠂ ᠶᠤᠸᠠᠨ ᠤᠯᠤᠰ ᠤᠨ ᠬᠤᠷᠢᠨ ᠲᠠᠪᠤᠳᠤᠭᠠᠷ ᠦᠶ᠎ᠡ ᠶᠢᠨ ᠶᠡᠭᠡ ᠬᠠᠭᠠᠨ᠂ ᠣᠮᠠᠷᠠᠳᠤ ᠶᠤᠸᠠᠨ ᠤᠯᠤᠰ ᠤᠨ ᠠᠷᠪᠡᠨ ᠲᠦᠷᠪᠡᠳᠤᠭᠡᠷ ᠦᠶ᠎ᠡ ᠶᠢᠨ ᠶᠡᠭᠡ ᠬᠠᠭᠠᠨ᠂ ᠮᠤᠩᠭᠤᠯ ᠦᠨᠳᠤᠰᠤᠳᠡᠨ᠂ ᠬᠢᠶᠠᠨ ᠶᠠᠰᠤᠳᠤ ᠮᠣᠩᠭᠤᠯ ᠠᠶᠢᠮᠠᠭ ᠤᠨ ᠪᠤᠷᠵᠢᠭᠢᠨ ᠣᠪᠣᠭᠳᠠᠨ᠃ ᠰᠠᠴᠡᠨ ᠬᠠᠭᠠᠨ ᠤ ᠲᠠᠶᠠ ᠬᠦᠪᠡᠭᠦᠨ ᠴᠢᠩᠬᠢᠮ ᠤᠨ ᠬᠤᠶᠠᠳᠤᠭᠠᠷ ᠬᠦᠪᠡᠭᠦᠨ ᠲᠠᠷᠮᠠᠪᠠᠯᠠ ᠶᠢᠨ ᠬᠤᠶᠠᠳᠤᠭᠠᠷ ᠬᠦᠪᠡᠭᠦᠨ ᠭᠦᠯᠤᠭ᠌ ᠬᠠᠭᠠᠨ ᠤ ᠤᠤᠭᠠᠨ ᠬᠦᠪᠡᠭᠦᠨ ᠬᠤᠳᠤᠭᠳᠤ ᠬᠠᠭᠠᠨ ᠬᠤᠱᠠᠯᠠ ᠶᠢᠨ ᠤᠤᠭᠠᠨ ᠬᠦᠪᠡᠭᠦᠨ ᠤᠬᠠᠭᠠᠨᠳᠤ ᠬᠠᠭᠠᠨ ᠲᠤᠭᠤᠨᠳᠠᠮᠤᠷ ᠤᠨ ᠠᠬᠠᠮᠡᠳ ᠬᠦᠪᠡᠭᠦᠨ ᠪᠢᠯᠢᠭᠳᠦ ᠬᠠᠭᠠᠨ ᠠᠶᠤᠤᠰᠢᠷᠢᠳᠠᠷ᠎ᠠ ᠶᠢᠨ ᠤᠳᠬᠤᠨ ᠬᠦᠪᠡᠭᠦᠨ ᠬᠠᠶᠢᠷᠴᠠᠭ ᠲᠦᠭᠦᠷᠡᠩ ᠲᠡᠮᠤᠷ ᠬᠤᠩ ᠲᠡᠶᠢᠵᠢ ᠶᠢᠨ ᠬᠦᠪᠡᠭᠦᠨ ᠠᠵᠡᠢ ᠶᠢᠨ ᠬᠤᠶᠠᠳᠤᠭᠠᠷ ᠬᠦᠪᠡᠭᠦᠨ᠃ ᠲᠡᠶᠢᠰᠤᠩ ᠬᠠᠭᠠᠨ ᠤ ᠳᠡᠭᠦᠤ᠂ ᠮᠠᠨᠳᠤᠭᠤᠯ᠂ ᠬᠠᠷᠤᠴᠠᠭ᠂ ᠪᠠᠶᠠᠨᠮᠥ᠋ᠩᠬᠡ ᠶᠢᠨ ᠠᠬ᠎ᠠ᠃ ᠴᠡᠭᠡᠷᠯᠡᠬᠦᠢ ᠨᠡᠷ᠎ᠡ ᠨᠢ ᠠᠭᠪᠠᠷᠵᠢᠨ᠃ ᠡᠷᠭᠦᠮᠵᠢ ᠠᠯᠳᠠᠷ ᠨᠢ ᠬᠠᠭᠠᠨ᠃ ᠲᠡᠶᠢᠰᠤᠩ ᠬᠠᠭᠠᠨ ᠤ ᠥᠭᠡᠷ᠎ᠡ ᠡᠭᠡᠳᠤ ᠳᠡᠭᠦᠤ ᠨᠢ ᠪᠤᠯᠤᠨ᠎ᠠ᠃ 1439 ᠣᠨ ᠳᠤ ᠲᠡᠶᠢᠰᠤᠩ ᠬᠠᠭᠠᠨ ᠲᠡᠭᠦᠨ ᠢ ᠵᠢᠨᠤᠩ ᠡᠷᠭᠦᠮᠵᠢᠯᠡᠪᠡ᠃ 1452 ᠣᠨ ᠳᠤ ᠳᠡᠭᠦᠤ ᠬᠠᠷᠤᠴᠠᠭ ᠤᠨ ᠢᠶᠠᠨ ᠢᠳᠬᠠᠯ ᠢ ᠡᠰᠡᠨ ᠰᠣᠨᠣᠰᠤᠨ ᠡᠰᠡᠨ ᠤ ᠵᠠᠪᠰᠡᠷᠳᠠᠭᠤᠯᠭ᠎ᠠ ᠳᠤ ᠤᠨᠠᠵᠤ ᠬᠠᠭᠠᠨ ᠵᠡᠷᠭᠡ ᠳᠤ ᠲᠤᠷᠠᠯᠡᠨ ᠡᠰᠡᠨ ᠲᠠᠢ ᠬᠤᠯᠪᠤᠭᠠᠯᠡᠨ ᠠᠬ᠎ᠠ ᠪᠠᠨ ᠲᠡᠶᠢᠰᠣᠩ ᠬᠠᠭᠠᠨ ᠢᠶᠠᠨ ᠲᠡᠶᠢᠯᠠᠵᠤ ᠲᠦᠷᠤ ᠶᠢ ᠨᠢ ᠲᠡᠶᠢᠪᠢᠭᠤᠯᠵᠤ ᠬᠠᠭᠠᠨ ᠠᠬ᠎ᠠ ᠶᠢ ᠪᠠᠨ ᠥᠷᠡᠭᠳᠡᠭᠦᠯᠪᠡ᠃ ᠡᠰᠡᠨ ᠤᠷᠢᠳ ᠤᠨ ᠬᠤᠤᠪᠢᠯᠳᠤᠯᠭ᠎ᠠ ᠶᠣᠰᠤ ᠪᠠᠷ ᠲᠡᠭᠦᠨ ᠢ ᠬᠠᠭᠠᠨ ᠡᠷᠭᠦᠮᠵᠢᠯᠠᠵᠤ ᠥᠪᠡᠷ ᠢ ᠪᠠᠨ ᠵᠢᠨᠤᠩ ᠪᠤᠯᠭᠠᠪᠠ᠃ ᠮᠥᠨ ᠣᠨ ᠡᠰᠡᠨ ᠠᠭᠪᠠᠷᠵᠢᠨ ᠬᠠᠭᠠᠨ ᠢ ᠨᠠᠶᠢᠷ ᠲᠤ ᠵᠠᠯᠠᠵᠤ ᠭᠤᠴᠢᠨ ᠭᠤᠷᠪᠡᠨ ᠬᠡᠰᠢᠭᠳᠡᠨ ᠴᠡᠷᠢᠭ᠂ ᠲᠦᠷᠴᠢᠨ ᠲᠦᠷᠪᠡᠨ ᠶᠡᠭᠡᠰ ᠨᠤᠶᠠᠳ᠂ ᠵᠢᠷᠡᠨ ᠨᠢᠭᠡᠨ ᠲᠤᠭᠴᠢᠳ ᠲᠠᠢ ᠨᠢ ᠬᠦᠢᠰᠤ ᠳᠡᠮᠳᠡᠷᠢᠪᠠ᠃      ᠠᠭᠪᠠᠷᠵᠢᠨ ᠬᠠᠭᠠᠨ ᠤ ᠭᠤᠤᠯ ᠥᠢᠯᠠ ᠪᠠ ᠨᠦᠯᠤᠭᠡ᠄      ⒈ ᠡᠷᠭᠡᠨ ᠳᠤ ᠲᠤᠷ᠎ᠠ ᠲᠠᠢ ᠮᠤᠩᠬᠠᠭ ᠬᠠᠭᠠᠨ᠂ ᠲᠦᠷᠤ ᠤᠯᠤᠰ᠂ ᠲᠦᠷᠤᠯ ᠲᠦᠷᠤᠭ᠍ᠰᠡᠳ᠂ ᠥᠪᠡᠷ ᠤᠨ ᠪᠡᠶ᠎ᠡ ᠳᠤ ᠨᠢ ᠪᠦᠷ ᠬᠠᠷᠰᠢ ᠲᠠᠢ᠃      ⒉ ᠵᠠᠪᠰᠡᠷᠳᠠᠭᠤᠯᠬᠤ ᠠᠷᠭᠠᠨ ᠳᠤ ᠣᠷᠣᠵᠤ ᠠᠬ᠎ᠠ ᠶᠢᠨ ᠢᠶᠠᠨ ᠲᠦᠷᠤ ᠶᠢ ᠲᠡᠶᠢᠪᠢᠭᠤᠯᠵᠤ ᠥᠪᠡᠷ ᠢᠶᠠᠨ ᠴᠤ ᠣᠳᠠᠯ ᠦᠬᠡᠢ ᠠᠯᠠᠭᠳᠠᠪᠠ᠃
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号