ᠠᠳᠡᠢ ᠬᠠᠭᠠᠨ ︵1395-1439 ︶
ᠨᠡᠶᠢᠲᠡᠯᠡᠭᠰᠡᠨ ᠴᠠᠭ᠄
2020/3/16
     ᠠᠳᠡᠢ ᠬᠠᠭᠠᠨ ︵1395-1439  ︶      ᠶᠡᠭᠡ ᠮᠣᠩᠭᠤᠯ ᠣᠯᠣᠰ ᠤᠨ ᠬᠤᠷᠢᠨ ᠵᠢᠷᠭᠤᠳᠤᠭᠠᠷ ᠦᠶ᠎ᠡ ᠶᠢᠨ ᠶᠡᠭᠡ ᠬᠠᠭᠠᠨ᠂᠂ ᠶᠤᠸᠠᠨ ᠤᠯᠤᠰ ᠤᠨ ᠬᠤᠷᠢᠨ ᠭᠤᠷᠪᠠᠳᠤᠭᠠᠷ ᠬᠤᠶᠠᠳᠤᠭᠠᠷ ᠦᠶ᠎ᠡ ᠶᠢᠨ ᠶᠡᠭᠡ ᠬᠠᠭᠠᠨ᠂ ᠣᠮᠠᠷᠠᠳᠤ ᠶᠤᠸᠠᠨ ᠤᠯᠤᠰ ᠤᠨ ᠠᠷᠪᠡᠨ ᠬᠤᠶᠠᠳᠤᠭᠠᠷ ᠦᠶ᠎ᠡ ᠶᠢᠨ ᠶᠡᠭᠡ ᠬᠠᠭᠠᠨ᠂ ᠮᠤᠩᠭᠤᠯ ᠦᠨᠳᠤᠰᠤᠳᠡᠨ᠂ ᠬᠢᠶᠠᠨ ᠶᠠᠰᠤᠳᠤ ᠮᠤᠩᠭᠤᠯ ᠠᠶᠢᠮᠠᠭ ᠤᠨ ᠪᠤᠷᠵᠢᠭᠢᠨ ᠣᠪᠣᠭᠳᠠᠨ᠃ ᠰᠡᠴᠡᠨ ᠬᠠᠭᠠᠨ ᠤ ᠲᠠᠶᠠ ᠬᠦᠪᠡᠭᠦᠨ ᠴᠢᠩᠬᠢᠮ ᠤᠨ ᠬᠤᠶᠠᠳᠤᠭᠠᠷ ᠬᠦᠪᠡᠭᠦᠨ ᠲᠠᠷᠮᠡᠪᠡᠯᠠ ᠶᠢᠨ ᠬᠤᠶᠠᠳᠤᠭᠠᠷ ᠬᠦᠪᠡᠭᠦᠨ ᠬᠦᠯᠤᠭ᠌ ᠬᠠᠭᠠᠨ ᠤ ᠣᠣᠭᠠᠨ ᠬᠦᠪᠡᠭᠦᠨ ᠤᠬᠠᠭᠠᠨᠳᠤ ᠬᠠᠭᠠᠨ ᠲᠤᠭᠤᠨᠳᠠᠮᠤᠷ ᠤᠨ ᠠᠬᠠᠮᠠᠳ ᠬᠦᠪᠡᠭᠦᠨ ᠪᠢᠯᠢᠭᠳᠦ ᠬᠠᠭᠠᠨ ᠠᠶᠤᠤᠰᠢᠷᠢᠳᠠᠷ᠎ᠠ ᠶᠢᠨ ᠬᠦᠪᠡᠭᠦᠨ ᠡᠯᠪᠡᠭ ᠬᠠᠭᠠᠨ ᠮᠡᠶᠢᠳᠠᠷᠪᠠᠯᠠ ᠶᠢᠨ ᠤᠳᠬᠤᠨ ᠬᠦᠪᠡᠭᠦᠨ᠃ ᠨᠡᠷ᠎ᠡ ᠨᠢ ᠠᠳᠡᠢ ᠭᠡᠳᠡᠭ᠃ ᠭᠦᠨ ᠲᠡᠮᠤᠷ ᠬᠠᠭᠠᠨ ᠥᠯᠵᠡᠢ ᠲᠡᠮᠤᠷ ᠬᠠᠭᠠᠨ ᠤ ᠲᠡᠭᠦᠤ᠃ ᠲᠡᠶᠢᠰᠤᠩ ᠬᠠᠭᠠᠨ ᠤ ᠲᠦᠷᠤᠯ ᠤᠨ ᠠᠬ᠎ᠠ᠃1425 ᠣᠨ ᠳᠤ ᠠᠷᠤᠭᠲᠡᠢ ᠲᠡᠶᠢᠱᠢ ᠲᠡᠭᠦᠨ ᠢ ᠬᠦᠷᠢᠶᠠᠯᠡᠨ ᠬᠠᠭᠠᠨ ᠣᠷᠤ ᠰᠠᠭᠤᠯᠭᠠᠪᠠ᠃ ᠠᠳᠡᠢ ᠬᠠᠭᠠᠨ ᠠᠷᠤᠭᠲᠡᠢ ᠲᠡᠶᠢᠱᠢ ᠴᠡᠷᠢᠭ ᠲᠡᠶᠢᠴᠢᠯᠡᠨ ᠥᠢᠷᠠᠳ ᠢ ᠲᠡᠶᠢᠯᠠᠵᠤ ᠲᠡᠷᠢᠭᠦᠨ ᠰᠡᠶᠢᠳ ᠪᠠᠳᠤᠯᠠ ᠶᠢ ᠠᠯᠠᠭᠠᠳ ᠰᠠᠮᠤᠷ ᠬᠠᠳᠤᠨ ᠢ ᠨᠢ ᠠᠳᠡᠢ ᠬᠠᠭᠠᠨ ᠠᠪᠴᠤ ᠬᠦᠤ ᠪᠠᠭ᠋ᠠᠮᠤ ᠶᠢ ᠨᠢ ᠠᠷᠤᠭᠲᠡᠢ ᠲᠡᠶᠢᠱᠢ ᠳᠤ ᠲᠤᠰᠢᠶᠠᠨ ᠵᠠᠷᠤᠴᠠᠯᠠᠭᠤᠯᠵᠡᠢ᠃ ᠠᠷᠤᠭᠲᠡᠢ ᠪᠠᠭ᠋ᠠᠮᠤ ᠶᠢ ᠲᠤᠷᠤᠮᠵᠢᠯᠠᠵᠤ ᠲᠤᠭᠤᠨ ᠭᠡᠰᠡᠨ ᠨᠡᠷ᠎ᠡ ᠥᠭᠴᠤ ᠭᠤᠳᠤᠭᠠᠪᠠ᠃ ᠰᠡᠭᠦᠯᠡᠷ ᠨᠢ ᠠᠳᠡᠢ ᠬᠠᠭᠠᠨ ᠲᠤᠭᠤᠨ ᠢ ᠥᠢᠷᠠᠳ ᠲᠤ ᠨᠢ ᠪᠤᠴᠠᠭᠠᠭᠰᠠᠨ ᠳᠤ ᠲᠤᠭᠤᠨ ᠬᠠᠷᠢᠭᠠᠳ ᠡᠴᠢᠭᠡ ᠶᠢᠨ ᠢᠶᠠᠨ ᠲᠡᠷᠢᠭᠦᠨ ᠰᠡᠶᠢᠳ ᠤᠨ ᠵᠡᠷᠭᠡ ᠶᠢ ᠵᠠᠯᠭᠠᠮᠵᠢᠯᠠᠪᠠ᠃1433 ᠣᠨ ᠳᠤ ᠥᠢᠷᠠᠳ ᠤᠨ ᠬᠢᠨ ᠲᠤᠭᠳᠠᠬᠤᠪᠤᠬ᠎ᠠ ᠶᠢ ᠬᠠᠭᠠᠨ ᠡᠷᠭᠦᠮᠵᠢᠯᠠᠪᠠ᠃ ᠢᠩᠬᠢᠭᠡᠳ ᠮᠤᠩᠭᠤᠯ ᠳᠤ ︽ᠨᠢᠭᠡᠨ ᠦᠶ᠎ᠡ ᠳᠤ ᠬᠤᠶᠠᠷ ᠬᠠᠭᠠᠨ︾᠎ ᠲᠠᠢ ᠪᠤᠯᠵᠤ ᠡᠰᠡᠷᠭᠦᠴᠠᠯᠳᠤᠪᠡ᠃ ᠠᠳᠡᠢ ᠬᠠᠭᠠᠨ ᠥᠢᠷᠠᠳ ᠢ ᠲᠡᠶᠢᠯᠠᠭᠠᠳ ᠲᠡᠶᠢᠯᠤᠭ᠍ᠳᠡᠵᠤ ᠮᠤᠨᠠ ᠠᠭᠤᠯᠡᠨ ᠳᠤ ᠨᠡᠭᠦᠵᠤ ᠬᠦᠷᠪᠡ᠃ ᠳᠠᠬᠢᠨ ᠥᠢᠷᠠᠳ ᠤᠨ ᠲᠤᠭᠤᠨ ᠳᠤ ᠳᠠᠭᠠᠷᠢᠭᠳᠠᠵᠤ ᠮᠢᠩ ᠤᠯᠤᠰ ᠤᠨ ᠬᠢᠯᠢ ᠶᠢᠨ ᠥᠢᠷᠠᠯᠴᠠᠭ᠎ᠠ ᠣᠴᠢᠵᠤ ᠥᠷᠭᠦᠯᠵᠢ ᠮᠢᠩ ᠤᠨ ᠬᠢᠯᠢ ᠶᠢ ᠲᠦᠢᠪᠡᠭᠡᠳᠡᠭ ᠪᠠᠶᠢᠪᠠ᠃ ᠡᠶᠢᠨ ᠬᠦ ᠮᠢᠩ ᠣᠯᠤᠰ ᠪᠤᠯᠤᠨ ᠥᠢᠷᠠᠳ ᠲᠤ ᠬᠠᠪᠴᠢᠭᠳᠠᠵᠤ ᠲᠡᠶᠢᠯᠠᠭᠳᠠᠳᠠᠭ ᠪᠡᠶᠢᠵᠡᠢ᠃1439 ᠣᠨ ᠳᠤ ᠲᠤᠭᠳᠠᠬᠤᠪᠤᠬ᠎ᠠ ᠬᠠᠭᠠᠨ ᠳᠤ ᠬᠤᠷᠤᠭᠠᠭᠳᠠᠪᠠ᠃      ᠠᠳᠡᠢ ᠬᠠᠭᠠᠨ ᠤ ᠭᠤᠤᠯ ᠥᠢᠯᠠ ᠪᠠ ᠨᠦᠯᠤᠭᠡ᠄        ⒈ ᠬᠠᠭᠠᠨ ᠣᠷᠤ ᠳᠠᠬᠢᠨ ᠰᠡᠴᠡᠨ ᠬᠠᠭᠠᠨ ᠤ ᠤᠳᠤᠮ ᠤᠨ ᠬᠢᠨ ᠳᠤ ᠪᠤᠴᠠᠪᠠ᠃      ⒉ ᠮᠣᠩᠭᠤᠯ ᠳᠤ ︽ᠨᠢᠭᠡᠨ ᠦᠶ᠎ᠡ ᠬᠤᠶᠠᠷ ᠬᠠᠭᠠᠨ︾᠎ ᠲᠠᠢ ᠪᠤᠯᠵᠤ ᠡᠰᠡᠷᠭᠦᠴᠠᠯᠳᠤᠪᠡ᠃
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号