ᠲᠡᠶᠢᠰᠤᠩ ᠬᠠᠭᠠᠨ ︵1420-1452 ︶
ᠨᠡᠶᠢᠲᠡᠯᠡᠭᠰᠡᠨ ᠴᠠᠭ᠄
2020/4/20
     ᠲᠡᠶᠢᠰᠤᠩ ᠬᠠᠭᠠᠨ ︵1420-1452  ︶      ᠶᠡᠭᠡ ᠮᠣᠩᠭᠤᠯ ᠤᠯᠤᠰ ᠤᠨ ᠬᠤᠷᠢᠨ ᠲᠤᠯᠤᠳᠤᠭᠠᠷ ᠦᠶ᠎ᠡ ᠶᠢᠨ ᠶᠡᠭᠡ ᠬᠠᠭᠠᠨ᠂ ᠶᠤᠸᠠᠨ ᠤᠯᠤᠰ ᠤᠨ ᠬᠤᠷᠢᠨ ᠲᠦᠷᠪᠡᠳᠤᠭᠡᠷ ᠦᠶ᠎ᠡ ᠶᠢᠨ ᠶᠡᠭᠡ ᠬᠠᠭᠠᠨ᠂ ᠣᠮᠠᠷᠠᠳᠤ ᠶᠤᠸᠠᠨ ᠤᠯᠤᠰ ᠤᠨ ᠠᠷᠪᠡᠨ ᠭᠤᠷᠪᠠᠳᠤᠭᠠᠷ ᠦᠶ᠎ᠡ ᠶᠢᠨ ᠶᠡᠭᠡ ᠬᠠᠭᠠᠨ᠂ ᠮᠤᠩᠭᠤᠯ ᠦᠨᠳᠤᠰᠤᠳᠡᠨ᠂ ᠬᠢᠶᠠᠨ ᠶᠠᠰᠤᠳᠤ ᠮᠣᠩᠭᠤᠯ ᠠᠶᠢᠮᠠᠭ ᠤᠨ ᠪᠤᠷᠵᠢᠭᠢᠨ ᠣᠪᠣᠭᠳᠠᠨ᠃ ᠰᠠᠴᠡᠨ ᠬᠠᠭᠠᠨ ᠤ ᠲᠠᠶᠠ ᠬᠦᠪᠡᠭᠦᠨ ᠴᠢᠩᠬᠢᠮ ᠤᠨ ᠬᠤᠶᠠᠳᠤᠭᠠᠷ ᠬᠦᠪᠡᠭᠦᠨ ᠲᠠᠷᠮᠠᠪᠠᠯᠠ ᠶᠢᠨ ᠬᠤᠶᠠᠳᠤᠭᠠᠷ ᠬᠦᠪᠡᠭᠦᠨ ᠭᠦᠯᠤᠭ᠌ ᠬᠠᠭᠠᠨ ᠤ ᠤᠤᠭᠠᠨ ᠬᠦᠪᠡᠭᠦᠨ ᠬᠤᠳᠤᠭᠳᠤ ᠬᠠᠭᠠᠨ ᠬᠤᠱᠠᠯᠠ ᠶᠢᠨ ᠤᠤᠭᠠᠨ ᠬᠦᠪᠡᠭᠦᠨ ᠤᠬᠠᠭᠠᠨᠳᠤ ᠬᠠᠭᠠᠨ ᠲᠤᠭᠤᠨᠳᠠᠮᠤᠷ ᠤᠨ ᠠᠬᠠᠮᠡᠳ ᠬᠦᠪᠡᠭᠦᠨ ᠪᠢᠯᠢᠭᠳᠦ ᠬᠠᠭᠠᠨ ᠠᠶᠤᠤᠰᠢᠷᠢᠳᠠᠷ᠎ᠠ ᠶᠢᠨ ᠤᠳᠬᠤᠨ ᠬᠦᠪᠡᠭᠦᠨ ᠬᠠᠶᠢᠷᠴᠠᠭ ᠲᠦᠭᠦᠷᠡᠩ ᠲᠡᠮᠤᠷ ᠬᠤᠩ ᠲᠡᠶᠢᠵᠢ ᠶᠢᠨ ᠬᠦᠪᠡᠭᠦᠨ ᠠᠵᠡᠢ ᠶᠢᠨ ᠠᠬᠠᠮᠡᠳ ᠬᠦᠪᠡᠭᠦᠨ᠃ ᠡᠯᠪᠡᠭ ᠬᠠᠭᠠᠨ ᠤ ᠠᠴᠢ ᠬᠦᠪᠡᠭᠦᠨ᠃ ᠠᠳᠡᠢ ᠬᠠᠭᠠᠨ ᠤ ᠲᠦᠷᠤᠯ ᠤᠨ ᠳᠡᠭᠦᠤ᠃ ᠴᠡᠭᠡᠷᠯᠡᠬᠦᠢ ᠨᠡᠷ᠎ᠡ ᠎ ᠨᠢ ᠲᠤᠭᠳᠠᠬᠤᠪᠤᠬ᠎ᠠ᠂ ᠡᠷᠭᠦᠮᠵᠢ ᠠᠯᠳᠠᠷ ᠨᠢ ᠲᠡᠶᠢᠰᠤᠩ ᠬᠠᠭᠠᠨ᠂ ᠪᠤᠬ᠎ᠠ ᠬᠠᠭᠠᠨ᠃ 1409 ᠣᠨ ᠳᠤ ᠮᠢᠩ ᠣᠯᠣᠰ ᠲᠤ ᠪᠠᠭᠤᠵᠤ ᠥᠭᠭᠦᠭᠡᠳ ᠡᠵᠡᠨᠢ ᠳᠤ ᠨᠤᠳᠤᠭᠯᠠᠪᠠ᠃ 1412 ᠣᠨ ᠳᠤ ᠪᠠᠭ᠋ᠠᠮᠤ ᠮᠢᠩ ᠣᠯᠣᠰ ᠠᠴᠠ ᠪᠤᠴᠠᠭᠠᠵᠤ ᠠᠪᠣᠨ᠎ᠠ ᠭᠡᠰᠡᠨ ᠳᠤ ᠮᠢᠩ ᠤᠯᠣᠰ ᠡᠰᠡ ᠥᠭᠪᠡ᠃ 1432 ᠣᠨ ᠳᠤ ᠮᠤᠩᠭᠤᠯ ᠳᠤ ᠪᠠᠨ ᠪᠤᠴᠠᠵᠤ ᠢᠷᠡᠭᠡᠳ ᠳᠠᠷᠠᠭ᠎ᠠ ᠵᠢᠯ ᠨᠢ ᠥᠢᠷᠠᠳ ᠤᠨ ᠪᠠᠭ᠋ᠠᠮᠤ ᠶᠢᠨ ᠬᠦᠷᠢᠶᠠᠯᠡᠯ ᠲᠤᠤᠷ᠎ᠠ ᠬᠠᠭᠠᠨ ᠡᠷᠭᠦᠮᠵᠢᠯᠡᠭᠳᠡᠵᠡᠢ᠃ ᠬᠠᠭᠠᠨ ᠳᠡᠭᠦᠤ ᠠᠭᠪᠠᠷᠵᠢᠨ ᠢᠶᠠᠨ ᠵᠢᠨᠤᠩ ᠡᠷᠭᠦᠮᠵᠢᠯᠡᠪᠡ᠃1434 ᠣᠨ ᠳᠤ ᠠᠷᠤᠭᠲᠡᠢ ᠲᠡᠶᠢᠱᠢ ᠶᠢ ᠲᠡᠶᠢᠯᠠᠵᠤ ᠠᠯᠠᠪᠠ᠃ 1438 ᠣᠨ ᠳᠤ ᠠᠳᠠᠢ ᠬᠠᠭᠠᠨ ᠢ ᠭᠡᠨᠡᠳᠡᠭᠦᠯᠤᠨ ᠳᠠᠭᠠᠷᠢᠵᠤ ᠬᠤᠷᠤᠭᠠᠪᠠ᠃ 1442 ᠣᠨ ᠳᠤ ᠡᠯᠴᠢ ᠲᠤᠮᠢᠯᠡᠨ ᠰᠤᠯᠤᠩᠭᠤᠰ ᠢ ᠣᠷᠤᠭᠤᠯᠵᠤ ᠠᠪᠤᠪᠠ᠃ ᠮᠢᠩ ᠤᠯᠤᠰ ᠲᠠᠢ ᠨᠦᠭᠦᠷᠰᠡᠭ ᠬᠠᠷᠢᠯᠴᠠᠪᠠ᠃ ᠪᠠᠭ᠋ᠠᠮᠤ ᠶᠢ ᠨᠥᠭᠴᠢᠭᠰᠡᠨ ᠤ ᠳᠠᠷᠠᠭ᠎ᠠ1447 ᠣᠨ ᠳᠤ ᠲᠡᠭᠦᠨ ᠤ ᠬᠦᠪᠡᠭᠦᠨ ᠡᠰᠡᠨ ᠲᠠᠢ ᠮᠠᠭᠤᠳᠠᠯᠴᠠᠵᠤ ᠮᠢᠩ ᠤᠯᠤᠰ ᠢ ᠲᠡᠶᠢᠯᠠᠬᠤ ᠶᠢ ᠡᠰᠡᠷᠭᠦᠴᠡᠪᠡ᠃ 1449 ᠣᠨ ᠡᠰᠡᠨ ᠢ ᠳᠠᠮᠵᠢᠵᠤ ᠮᠢᠩ ᠤᠯᠣᠰ ᠢ ᠲᠤᠪᠳᠤᠯᠤᠨ ᠮᠢᠩ ᠤᠯᠤᠰ ᠤᠨ ᠿᠦᠢ ᠳ᠋ᠠᠢ ᠬᠠᠭᠠᠨ ᠢ ᠤᠯᠵᠠᠯᠠᠵᠤ᠂ ᠮᠢᠩ ᠤᠯᠤᠰ ᠲᠠᠢ ᠨᠡᠶᠢᠷᠠᠮᠳᠠᠬᠤ ᠡᠯᠴᠢ ᠲᠤᠮᠢᠯᠠᠪᠠ᠃ 1451 ᠣᠨ ᠳᠤ ᠡᠰᠡᠨ ᠲᠠᠢ ᠲᠡᠶᠢᠯᠠᠯᠳᠤᠨ ᠡᠰᠡᠨ ᠢ ᠲᠡᠶᠢᠯᠪᠠ᠃ 1452 ᠣᠨ ᠳᠤ ᠡᠰᠡᠨ ᠠᠬ᠎ᠠ ᠳᠡᠭᠦᠤ ᠬᠤᠶᠠᠭᠤᠯᠠ ᠶᠢᠨ ᠬᠤᠭᠤᠷᠤᠨᠳᠤ ᠵᠠᠪᠰᠠᠷᠳᠠᠭᠤᠯᠤᠨ ᠠᠭᠪᠠᠷᠵᠢᠨ ᠵᠢᠨᠤᠩ ᠲᠠᠢ ᠬᠤᠯᠪᠤᠭᠠᠯᠡᠨ ᠶᠡᠭᠡ ᠴᠡᠷᠢᠭ ᠢᠶᠠᠷ ᠬᠠᠷᠠᠬᠤᠷᠤᠮ ᠢ ᠭᠡᠨᠡᠳᠡᠭᠦᠯᠤᠨ ᠳᠠᠭᠠᠷᠢᠪᠠ᠃ ᠲᠡᠶᠢᠰᠤᠩ ᠬᠠᠭᠠᠨ ᠲᠤᠳᠠᠭᠠᠵᠤ ᠶᠠᠪᠤᠬᠤ ᠵᠠᠮ ᠵᠠᠭᠤᠷ᠎ᠠ ᠬᠠᠳᠠᠮ ᠡᠴᠢᠭᠡ ᠣᠷᠢᠶᠠᠩᠬᠠᠢ ᠶᠢᠨ ᠲᠦᠷᠦᠭᠦᠦ ᠴᠠᠪᠳᠢᠨ ᠳᠤ ᠪᠠᠷᠢᠭᠳᠠᠵᠤ ᠬᠤᠷᠤᠭᠠᠭᠳᠠᠪᠠ᠃      ᠲᠡᠶᠢᠰᠤᠩ ᠬᠠᠭᠠᠨ ᠤ ᠭᠤᠤᠯ ᠥᠢᠯᠠ ᠪᠠ ᠨᠦᠯᠤᠭᠡ᠄      ⒈ ᠮᠣᠩᠭᠤᠯ ᠳᠤ ︽ᠨᠢᠭᠡᠨ ᠦᠶ᠎ᠡ ᠬᠤᠶᠠᠷ ᠬᠠᠭᠠᠨ︾᠎ ᠲᠠᠢ ᠪᠤᠯᠵᠤ ᠡᠰᠡᠷᠭᠦᠴᠠᠯᠳᠤᠪᠡ᠃      ⒉ 1442 ᠣᠨ ᠳᠤ ᠡᠯᠴᠢ ᠲᠤᠮᠢᠯᠡᠨ ᠰᠤᠯᠤᠩᠭᠤᠰ ᠢ ᠣᠷᠤᠭᠤᠯᠵᠤ ᠠᠪᠤᠪᠠ᠃      ⒊ ᠡᠰᠡᠨ ᠲᠠᠢ ᠬᠤᠯᠪᠤᠭᠠᠯᠡᠨ ᠮᠢᠩ ᠤᠨ ᠲᠤᠪᠳᠤᠯᠤᠯᠳᠠ ᠶᠢ ᠬᠤᠷᠢᠭᠯᠠᠵᠤ  ᠮᠢᠩ ᠤᠯᠤᠰ ᠤᠨ ᠿᠦᠢ ᠳ᠋ᠠᠢ ᠬᠠᠭᠠᠨ ᠢ ᠤᠯᠵᠠᠯᠠᠵᠤ᠂ ᠨᠡᠶᠢᠷᠠᠮᠳᠠᠯ ᠤᠨ ᠡᠯᠴᠢ ᠢᠯᠡᠭᠡᠪᠡ᠃
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号