ᠮᠤᠯᠤᠨ ᠬᠠᠭᠠᠨ ︵1437—1466︶
ᠨᠡᠶᠢᠲᠡᠯᠡᠭᠰᠡᠨ ᠴᠠᠭ᠄
2020/7/8
     ᠶᠡᠭᠡ ᠮᠤᠩᠭᠤᠯ ᠤᠯᠤᠰ ᠤᠨ ᠭᠤᠴᠢᠨ ᠨᠢᠭᠡᠳᠦᠭᠡᠷ ᠦᠶ᠎ᠡ ᠶᠢᠨ ᠶᠡᠭᠡ ᠬᠠᠭᠠᠨ᠂ ᠶᠤᠸᠠᠨ ᠤᠯᠤᠰ ᠤᠨ ᠬᠤᠷᠢᠨ ᠨᠠᠢᠮᠠᠳᠤᠭᠠᠷ ᠦᠶ᠎ᠡ ᠶᠢᠨ ᠶᠡᠭᠡ ᠬᠠᠭᠠᠨ᠂ ᠤᠮᠠᠷᠠᠲᠤ ᠶᠤᠸᠠᠨ ᠤᠯᠤᠰ ᠤᠨ ᠠᠷᠪᠠᠨ ᠳᠤᠯᠤᠳᠤᠭᠠᠷ ᠦᠶ᠎ᠡ ᠎ ᠶᠢᠨ ᠶᠡᠭᠡ ᠬᠠᠭᠠᠨ᠂ ᠮᠤᠩᠭᠤᠯ ᠦᠨᠳᠦᠰᠦᠲᠡᠨ᠂ ᠬᠢᠶᠠᠨ ᠶᠠᠰᠤᠲᠤ ᠮᠤᠩᠭᠤᠯ ᠠᠶᠢᠮᠠᠭ ᠤᠨ ᠪᠤᠷᠵᠢᠬᠢᠨ ᠤᠪᠤᠭᠲᠡᠨ᠃ ᠰᠡᠴᠡᠨ ᠬᠠᠭᠠᠨ ᠤ ᠳᠠᠶᠠ ᠬᠦᠪᠡᠭᠦᠨ ᠴᠢᠩᠬᠢᠮ ᠤᠨ ᠬᠤᠶᠠᠳᠤᠭᠠᠷ ᠬᠦᠪᠡᠭᠦᠨ ᠳᠠᠷᠮᠠᠪᠠᠯᠡ ᠶᠢᠨ ᠬᠤᠶᠠᠳᠤᠭᠠᠷ ᠬᠦᠪᠡᠭᠦᠨ ᠬᠦᠯᠦᠭ ᠬᠠᠭᠠᠨ ᠤ ᠤᠤᠭᠠᠨ ᠬᠦᠪᠡᠭᠦᠨ ᠬᠤᠲᠤᠭᠲᠤ ᠬᠠᠭᠠᠨ ᠬᠤᠱᠠᠯᠠ ᠶᠢᠨ ᠤᠤᠭᠠᠨ ᠬᠦᠪᠡᠭᠦᠨ ᠤᠬᠠᠭᠠᠨᠲᠤ ᠬᠠᠭᠠᠨ ᠲᠤᠭᠤᠨᠲᠡᠮᠦᠷ ᠤᠨ ᠠᠬᠠᠮᠡᠳ ᠬᠦᠪᠡᠭᠦᠨ ᠪᠢᠯᠢᠭᠲᠦ ᠬᠠᠭᠠᠨ ᠠᠶᠤᠤᠰᠢᠷᠢᠳᠠᠷ᠎ᠠ ᠶᠢᠨ ᠤᠳᠬᠤᠨ ᠬᠦᠪᠡᠭᠦᠨ ᠬᠠᠶᠢᠷᠴᠠᠭ ᠳᠦᠭᠦᠷᠡᠩ ᠲᠡᠮᠦᠷ ᠬᠤᠩ ᠳᠠᠶᠢᠵᠢ ᠶᠢᠨ ᠬᠦᠪᠡᠭᠦᠨ ᠠᠵᠠᠢ ᠲᠠᠶᠢᠵᠢ ᠶᠢᠨ ᠠᠬᠠᠮᠡᠳ ᠬᠦᠪᠡᠭᠦᠨ ᠳᠠᠶᠢᠰᠤᠩ ᠬᠠᠭᠠᠨ ᠤ ᠠᠬᠠᠮᠡᠳ ᠬᠦᠪᠡᠭᠦᠨ᠃ ᠦᠭᠡᠭᠲᠤ ᠬᠠᠭᠠᠨ ᠮᠠᠬᠠᠭᠦ᠋ᠷᠬᠢᠰ ᠤᠨ ᠦᠭᠡᠷ᠎ᠡ ᠡᠭᠡᠲᠤ ᠠᠬ᠎ᠠ᠃ ᠴᠡᠭᠡᠷᠯᠡᠭᠦᠢ ᠨᠡᠷ᠎ᠡ ᠨᠢ ᠲᠡᠭᠦᠰᠮᠦ᠋ᠩᠭᠡ᠂ ᠡᠷᠭᠦᠮᠵᠢ ᠠᠯᠳᠠᠷ ᠨᠢ ᠮᠤᠯᠤᠨ ᠬᠠᠭᠠᠨ᠃ ᠮᠤᠯᠤᠨ ᠤᠤᠯ ᠨᠢ ᠨᠠᠭᠠᠴᠤ ᠡᠪᠦᠭᠡ ᠴᠠᠪᠳᠢᠨ ᠤ ᠳᠤ ᠰᠠᠭᠤᠵᠤ ᠦᠰᠴᠠᠢ᠃ ᠦᠭᠡᠭᠲᠤ ᠬᠠᠭᠠᠨ ᠮᠠᠬᠠᠭᠦ᠋ᠷᠬᠢᠰ ᠢ ᠪᠤᠯᠠᠢ ᠲᠠᠶᠢᠱᠢ ᠬᠤᠤᠷᠯᠠᠵᠤ ᠠᠯᠠᠭᠰᠡᠨ ᠳᠤ ᠤᠩᠨᠢᠭᠤᠳ ᠤᠨ ᠮᠤᠤᠯᠢᠬᠠᠢ ᠸᠠᠩ ᠪᠤᠯᠠᠢ ᠲᠠᠶᠢᠱᠢ ᠶᠢ ᠪᠠᠶᠢᠯᠳᠤᠨ ᠠᠯᠠᠪᠠ᠃ 1465 ᠤᠨ ᠳᠤ ᠮᠤᠤᠯᠢᠬᠠᠢ ᠸᠠᠩ ᠮᠤᠯᠤᠨ ᠢ ᠬᠦᠷᠢᠶᠠᠯᠠᠨ ᠬᠠᠭᠠᠨ ᠤᠷᠤ ᠰᠠᠭᠤᠯᠭᠠᠪᠠ᠃ 1466 ᠤᠨ ᠳᠤ ᠮᠤᠤᠯᠢᠬᠠᠢ ᠸᠠᠩ ᠰᠤᠯᠤᠩᠭᠤᠳ ᠤᠨ ᠬᠤᠲᠤᠪᠤᠬ᠎ᠠ ᠶᠢᠨ ᠦᠳᠦᠭᠡᠨ ᠵᠠᠪᠰᠠᠷᠳᠠᠭᠤᠯᠤᠭᠰᠡᠨ ᠦᠭᠡ ᠶᠢ ᠢᠲᠡᠭᠡᠵᠤ ᠴᠡᠷᠢᠭ ᠳᠠᠭᠠᠭᠤᠯᠤᠨ ᠳᠠᠭᠠᠷᠢᠵᠤ ᠲᠡᠭᠦᠰ ᠬᠠᠭᠠᠨ ᠢ ᠬᠤᠷᠤᠭᠠᠪᠠ᠃ ᠰᠡᠭᠦᠯᠡᠷ ᠨᠢ ᠮᠤᠤᠯᠢᠬᠠᠢ ᠸᠠᠩ ᠤᠬᠠᠭᠠᠷᠠᠭᠠᠳ ᠬᠤᠲᠤᠪᠤᠬ᠎ᠠ ᠶᠢᠨ ᠬᠡᠯᠡ ᠶᠢ ᠤᠭᠲᠤᠯᠵᠤ ᠠᠯᠠᠵᠠᠢ᠃ ᠮᠤᠯᠤᠨ ᠬᠠᠭᠠᠨ ᠬᠤᠤᠷᠯᠠᠭᠳᠠᠭᠰᠡᠨ ᠢ ᠰᠤᠨᠤᠰᠤᠭᠠᠳ ᠬᠠᠰᠠᠷ ᠎ ᠤᠨ ᠬᠤᠶᠢᠴᠢᠰ ᠬᠤᠷᠴᠢᠨ ᠤ ᠦᠨᠡᠨᠪᠤᠯᠤᠳ ᠸᠠᠩ ᠬᠢᠯᠢᠩᠨᠠᠵᠤ ᠮᠤᠤᠯᠢᠬᠠᠢ ᠳᠤ ᠴᠡᠷᠢᠭᠯᠡᠨ ᠮᠤᠷᠳᠠᠵᠤ ᠤᠯᠠᠭᠠᠢ ᠭᠡᠭᠡᠷ᠎ᠡ ᠨᠡᠭᠡᠵᠤ ᠬᠦᠢᠴᠡᠨ ᠮᠤᠤᠯᠢᠬᠠᠢ ᠶᠢ ᠠᠯᠠᠵᠤ ᠮᠤᠯᠤᠨ ᠬᠠᠭᠠᠨ ᠤ ᠦᠰᠢᠶ᠎ᠡ ᠶᠢ ᠠᠪᠴᠤ ᠦᠭᠴᠠᠢ᠃          ᠮᠤᠯᠤᠨ ᠬᠠᠭᠠᠨ ᠤ ᠭᠤᠤᠯ ᠦᠢᠯᠡ ᠪᠠ ᠨᠦᠯᠦᠭᠡ᠄     ⒈ ᠮᠤᠯᠤᠨ ᠬᠠᠭᠠᠨ ᠬᠤᠶᠠᠷᠬᠠᠨ ᠵᠢᠯ ᠬᠠᠭᠠᠨ ᠰᠠᠭᠤᠭᠠᠳ ᠬᠤᠤᠷᠯᠠᠭᠳᠠᠵᠠᠢ᠃     ⒉ ᠬᠠᠰᠠᠷ ᠸᠠᠩ ᠤᠨ ᠬᠤᠶᠢᠴᠢᠰ ᠴᠢᠩᠬᠢᠰ ᠬᠠᠭᠠᠨ ᠤ ᠬᠤᠶᠢᠴᠢᠰ ᠤᠨ ᠦᠰᠢᠶ᠎ᠡ ᠶᠢ ᠠᠪᠴᠤ ᠦᠭᠴᠠᠢ᠃
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号